ᠼᠤᠤ ᠼᠤᠤ ᠵᠠᠬᠢᠳᠠᠯ ᠰᠢᠲᠠᠭᠠᠭᠰᠠᠨ ᠨᠢ
ᠨᠡᠶᠢᠲᠡᠯᠡᠭᠰᠡᠨ ᠴᠠᠭ᠄
2023/6/12
      ᠵᠡᠬᠦᠨ ᠬᠠᠨ ᠤᠯᠤᠰ ᠤᠨ ᠵᠢᠶᠠᠨ ᠠᠨ ᠤ ᠲᠠᠪᠤᠳᠤᠭᠠᠷ ᠤᠨ ᠳᠤ᠂ ᠼᠤᠤ ᠼᠤᠤ ᠪᠡ ᠶᠤᠸᠠᠨ ᠱᠤᠤ ᠶᠢᠨ ᠴᠡᠷᠢᠭ ᠭᠤᠸᠠᠨ ᠳ᠋ᠦ᠋ ᠤᠷᠤᠨ ᠳᠤ ᠰᠢᠷᠦᠭᠦᠨ ᠲᠠᠶᠢᠯᠳᠤᠭᠰᠠᠨ ᠪᠠᠶᠢᠨ᠎ᠠ᠃ ᠶᠤᠸᠠᠨ ᠱᠤᠤ ᠶᠢᠨ ᠴᠡᠷᠢᠭ ᠤᠨ ᠲᠤᠭ᠎ᠠ ᠨᠢ ᠼᠤᠤ ᠼᠤᠤ ᠶᠢᠨ ᠴᠡᠷᠢᠭ ᠤᠨ ᠲᠤᠭ᠎ᠠ ᠶᠢᠨ ᠬᠡᠳᠦᠨ ᠲᠠᠬᠢᠨ ᠪᠠᠶᠢᠵᠤ᠂ ᠬᠤᠶᠡᠷ ᠡᠳᠡᠭᠡᠳ ᠤᠨ ᠴᠡᠷᠢᠭ ᠤᠨ ᠪᠤᠳᠠᠳᠤ ᠬᠦᠴᠦᠨ ᠨᠢ ᠶᠡᠭᠡ ᠵᠦᠷᠢᠶ᠎ᠡ ᠲᠠᠢ ᠪᠠᠶᠢᠯ᠎ᠠ᠂ ᠼᠤᠤ ᠼᠤᠤ ᠶᠢᠨ ᠤᠯᠠᠩᠬᠢ ᠵᠠᠩᠵᠤᠨ ᠴᠡᠷᠢᠭ ᠨᠢ ᠴᠤ ᠶᠤᠸᠠᠨ ᠱᠤᠤ ᠶᠢᠨ ᠴᠡᠷᠢᠭ ᠢ ᠢᠯᠠᠬᠤ ᠳᠤ ᠬᠦᠴᠢᠷ ᠭᠡᠵᠦ ᠢᠳᠡᠭᠡᠯ ᠠᠯᠳᠠᠵᠤ ᠪᠠᠶᠢᠵᠠᠢ᠃ ᠭᠡᠪᠡᠴᠦ ᠬᠦᠮᠦᠨ ᠤ ᠰᠠᠨᠠᠭᠠᠨ ᠠᠴᠠ ᠭᠠᠳᠠᠭᠤᠷ ᠼᠤᠤ ᠼᠤᠤ ᠴᠦᠬᠡᠨ ᠢᠶᠠᠷ ᠤᠯᠠᠨ ᠢ ᠢᠯᠠᠵᠤ᠂ ᠶᠤᠸᠠᠨ ᠱᠤᠤ ᠲᠡᠶᠢᠯᠦᠭᠳᠡᠵᠦ ᠴᠡᠷᠢᠭ ᠢᠶᠠᠨ ᠲᠠᠭᠠᠭᠤᠯᠤᠨ᠂ ᠦᠯᠦᠭ ᠲᠡᠷᠭᠡ ᠡᠳ᠋ ᠪᠠᠷᠠᠭ᠎ᠠ᠂ ᠨᠤᠮ ᠰᠤᠳᠤᠷ ᠡᠳ᠋ᠯᠡᠯ ᠬᠡᠷᠡᠭᠰᠡᠯ ᠢᠶᠠᠨ ᠬᠠᠶᠠᠵᠤ ᠵᠢᠭᠤᠳᠠᠨ ᠲᠤᠳᠠᠭᠠᠵᠠᠢ ᠃ ᠼᠤᠤ ᠼᠤᠤ ᠶᠢᠨ ᠨᠢᠭᠡᠨ ᠰᠢᠳᠤᠷᠭᠤ ᠲᠦᠰᠢᠮᠡᠯ ᠨᠢ ᠲᠠᠶᠢᠨ ᠤ ᠤᠯᠵᠠ ᠳᠤ ᠲᠤᠭᠠᠯᠠᠯᠭ᠎ᠠ ᠬᠢᠬᠦ ᠦᠶᠡᠰ ᠲᠤ᠂ ᠬᠡᠬᠡᠨ ᠤᠷᠬᠢᠬᠰᠠᠨ ᠨᠤᠮ ᠰᠤᠳᠤᠷ ᠤᠨ ᠲᠤᠮᠳᠠ ᠠᠴᠠ ᠤᠯᠠᠨ ᠲᠤᠭᠠᠨ ᠤ ᠵᠠᠬᠢᠳᠠᠯ ᠢ ᠢᠯᠡᠷᠡᠬᠦᠯᠵᠡᠢ᠃ ᠲᠡᠷᠡ ᠡᠳᠡᠭᠡᠷ ᠵᠠᠬᠢᠳᠠᠯ ᠲᠤᠳᠤᠷ᠎ᠠ ᠠᠴᠠ ᠨᠢᠭᠡ ᠬᠤᠶᠡᠷ ᠢ ᠨᠢ ᠰᠤᠩᠭᠤᠵᠤ ᠤᠩᠰᠢᠬᠰᠡᠨ᠎ᠠ ᠴᠢᠷᠠᠢ ᠶᠢᠨ ᠦᠩᠭᠡ ᠨᠢ ᠲᠠᠷᠦ᠋ᠢᠬᠠᠨ ᠬᠤᠪᠢᠷᠠᠵᠤ ᠤᠴᠢᠭᠰᠠᠨ ᠪᠠᠶᠢᠨ᠎ᠠ᠃ ᠲᠡᠷᠡ ᠬᠦᠮᠦᠨ ᠲᠤᠮᠢᠯᠠᠵᠤ ᠡᠳᠡᠭᠡᠷ  ᠵᠠᠬᠢᠳᠠᠯ ᠢ ᠲᠢᠭᠯᠡᠨ ᠡᠮᠬᠢᠳᠭᠡᠭᠰᠡᠨ ᠪᠦᠭᠡᠳ ᠼᠤᠤ ᠼᠤᠤ ᠶᠢᠨ ᠲᠡᠷᠭᠡᠳᠡ ᠬᠦᠷᠴᠦ᠄ ︽ᠡᠵᠨᠨᠳᠡᠨ ᠡ᠂ ᠡᠳᠡᠭᠡᠷ ᠪᠤᠯ ᠶᠤᠸᠠᠨ ᠱᠤᠤ ᠲᠠᠢ ᠲᠠᠯᠳᠠ ᠶᠠᠪᠤᠯᠴᠠᠭ᠎ᠠ ᠲᠠᠢ ᠬᠦᠮᠦᠰ ᠤᠨ ᠪᠢᠴᠢᠭᠰᠡᠨ ᠨᠢᠭᠤᠴᠠ ᠵᠠᠬᠢᠳᠠᠯ ᠪᠤᠯᠤᠨ᠎ᠠ︾ ᠭᠡᠵᠦ ᠤᠯᠤᠬᠰᠠᠨ ᠵᠠᠬᠢᠳᠠᠯ ᠢᠶᠠᠨ ᠼᠤᠤ ᠼᠤᠤ ᠳᠤ ᠭᠠᠷᠳᠠᠭᠤᠯᠤᠬᠰᠠᠨ ᠳᠤ᠄ ︽ᠴᠢ ᠡᠳᠡᠭᠡᠷ ᠵᠠᠬᠢᠳᠠᠯ ᠢ ᠰᠢᠳᠠᠭᠠᠴᠢᠬ᠎ᠠ︕︾ ᠭᠡᠵᠦ ᠭᠡᠳᠦᠨ ᠵᠠᠬᠢᠳᠠᠯ ᠢ ᠤᠩᠰᠢᠬᠰᠠᠨ ᠤ ᠳᠠᠷᠠᠭ᠎ᠠ ᠼᠤᠤ ᠼᠤᠤ ᠵᠠᠷᠯᠢᠬᠳᠠᠵᠠᠢ᠃      — ᠰᠢᠭᠤᠳ ᠰᠢᠳᠠᠭᠠᠴᠢᠬᠠᠬᠤ ᠤᠤ︖ ᠡᠵᠡᠨᠳᠡᠨ ᠲᠠ ᠵᠠᠬᠢᠳᠠᠯ ᠢᠶᠠᠷ ᠡᠰᠢ ᠪᠠᠷᠢᠮᠳᠠ ᠪᠤᠯᠭᠠᠵᠤ ᠲᠡᠳᠡᠭᠡᠷ ᠤᠷᠪᠠᠭᠴᠢ ᠶᠢ ᠪᠠᠷᠢᠪᠴᠢᠯᠠᠬᠤ ᠦᠭᠡᠢ ᠶᠤᠮ ᠤᠤ︖      — ᠲᠤᠬᠠᠢ ᠶᠢᠨ ᠦᠶ᠎ᠠ ᠳᠤ ᠶᠤᠸᠠᠨ ᠱᠤᠤ ᠶᠢᠨ ᠴᠡᠷᠢᠭ ᠤᠨ ᠬᠦᠴᠦᠨ ᠮᠠᠨ ᠤ ᠬᠢ ᠠᠴᠠ ᠬᠤᠯᠠ  ᠲᠠᠪᠠᠭᠤᠯᠢᠭ ᠪᠠᠶᠢᠭᠰᠠᠨ᠂ ᠭᠡᠯᠡᠯᠭᠡᠨ ᠦᠭᠡᠢ ᠪᠢ ᠴᠤ ᠯᠠᠪᠳᠠᠢ ᠢᠯᠠᠯᠳᠠ ᠤᠯᠤᠨ᠎ᠠ ᠬᠡᠳᠡᠭ ᠲᠤ ᠪᠠᠳᠤ ᠢᠳᠡᠭᠡᠯ ᠲᠠᠢ ᠪᠢᠰᠢ ᠪᠠᠶᠢᠬᠰᠠᠨ ᠪᠦᠯᠦᠭᠡ᠃ ᠡᠨᠡ ᠨᠢ ᠲᠡᠳᠡᠨᠦᠰ ᠤᠨ ᠠᠷᠭ᠎ᠠ ᠪᠤᠰᠤ ᠶᠢᠨ ᠰᠤᠩᠭᠤᠯᠳᠠ ᠪᠠᠶᠢᠯᠭᠦᠢ ᠭᠡᠵᠦ ᠲᠤᠯᠤᠭᠠᠢ ᠰᠠᠵᠢᠯᠠᠨ ᠭᠡᠯᠡᠵᠡᠢ᠃      ᠤᠤᠯ ᠨᠢ᠂ ᠡᠳᠡᠭᠡᠷ ᠵᠠᠬᠢᠳᠠᠯ ᠨᠢ ᠪᠦᠷ ᠨᠡᠶᠢᠰᠯᠡᠯ ᠬᠤᠳᠠ ᠳᠠᠬᠢ ᠰᠠᠶᠢᠳ ᠲᠦᠰᠢᠮᠡᠯ ᠪᠤᠶᠤ ᠼᠤᠤ ᠼᠤᠤ ᠶᠢᠨ ᠴᠡᠷᠢᠭ ᠠᠩᠬᠢ ᠳᠠᠬᠢ ᠵᠠᠩᠵᠦᠨ ᠨᠤᠭᠤᠳ ᠤᠨ ᠶᠤᠸᠠᠨ ᠱᠤᠤ ᠳᠤ ᠪᠢᠴᠢᠭᠰᠡᠨ ᠵᠢᠰᠤᠷᠳᠠᠵᠤ ᠪᠢᠯᠳᠠᠤᠴᠢᠯᠠᠬᠤ ᠠᠭᠤᠯᠭ᠎ᠠ ᠲᠠᠢ ᠨᠢᠭᠤᠴᠠ ᠵᠠᠬᠢᠳᠠᠯ ᠪᠠᠶᠢᠵᠤ᠂ ᠤᠯᠠᠩᠬᠢ ᠨᠢ ᠪᠠᠭᠤᠵᠤ ᠦᠭᠬᠦ ᠰᠠᠨᠠᠭ᠎ᠠ ᠪᠠᠨ ᠢᠯᠡᠳᠭᠡᠵᠡᠢ᠃ ᠼᠤᠤ ᠼᠤᠤ ᠤᠯᠠᠨ ᠲᠦᠰᠢᠮᠡᠳ ᠢᠶᠠᠨ ᠴᠤᠬᠯᠠᠭᠤᠯᠵᠤ᠂ ᠨᠢᠳᠤᠨ ᠡᠮᠦᠨ᠎ᠡ ᠨᠢ ᠡᠳᠡᠭᠡᠷ ᠵᠠᠬᠢᠳᠠᠯ ᠤᠳ ᠢ ᠰᠢᠳᠠᠭᠠᠵᠠᠢ᠃ ᠰᠡᠮ ᠢᠶᠠᠷ ᠶᠤᠸᠠᠨ ᠱᠤᠤ ᠲᠠᠢ ᠰᠦᠯᠪᠡᠭᠡᠯᠡᠭᠰᠡᠨ ᠤᠴᠢᠷ ᠨᠢ ᠯᠡᠪᠡᠷᠡᠬᠦ ᠠᠴᠠ ᠠᠶᠤᠨ ᠪᠠᠯᠠᠮᠠᠬᠳᠠᠭᠰᠠᠨ ᠵᠠᠩᠵᠤᠨ ᠲᠦᠰᠢᠮᠡᠳ ᠨᠢ ᠼᠤᠤ ᠼᠤᠤ ᠶᠢᠨ ᠵᠠᠬᠢᠳᠠᠯ ᠰᠢᠳᠠᠭᠠᠬᠰᠠᠨ ᠢ ᠦᠵᠡᠭᠡᠳ ᠢᠴᠢᠵᠦ ᠵᠤᠪᠠᠭ᠋ᠤ ᠶᠢᠨ ᠲᠦᠢᠯ ᠳᠤ ᠬᠦᠷᠦᠭᠰᠡᠨ ᠪᠦᠭᠡᠳ ᠲᠠᠬᠢᠨ ᠶᠠᠯ᠎ᠠ ᠨᠡᠭᠡᠮᠵᠢᠯᠡᠭᠰᠡᠨ ᠦᠭᠡᠢ ᠳᠤ ᠨᠢ ᠶᠡᠬᠡᠳᠡ ᠰᠡᠳᠬᠢᠯ ᠬᠦᠳᠡᠯᠵᠦ᠂ ᠪᠠᠶᠢᠯᠳᠤᠬᠴᠢ ᠲᠦᠰᠢᠮᠡᠳ ᠨᠢ ᠤᠷᠢᠳᠤ ᠭᠠᠷᠤᠭ᠎ᠠ ᠦᠭᠡᠢ ᠰᠡᠳᠬᠢᠯ ᠨᠢᠭᠡᠳᠴᠦ᠂ ᠴᠡᠷᠢᠭ ᠠᠩᠬᠢ ᠶᠢᠨ ᠲᠠᠶᠢᠴᠢᠨ ᠬᠦᠴᠦᠨ ᠨᠢ ᠤᠯᠠᠮ ᠨᠡᠮᠡᠭᠳᠡᠭᠰᠡᠨ ᠪᠠᠶᠢᠨ᠎ᠠ᠃      ᠼᠤᠤ ᠼᠤᠤ ᠢᠯᠠᠯᠳᠠ ᠶᠢᠨ ᠡᠷᠴᠢᠨ ᠲᠡᠭᠡᠷ᠎ᠡ ᠴᠡᠷᠢᠭ ᠢᠶᠠᠨ ᠲᠠᠭᠠᠭᠤᠯᠵᠤ ᠦᠷᠭᠦᠯᠵᠢᠯᠡᠨ ᠪᠠᠶᠢᠯᠳᠤᠵᠤ᠂ ᠵᠢᠢ ᠵᠸᠦ ᠤᠷᠤᠨ ᠳᠤ ᠬᠦᠷᠬᠦ ᠳᠤ᠂ ᠡᠯ᠎ᠡ ᠴᠦᠯᠭᠡ ᠶᠢᠨ ᠨᠤᠶᠠᠳ ᠨᠢ ᠬᠤᠶᠢᠨ᠎ᠠ ᠬᠤᠶᠢᠨ᠎ᠠ ᠠᠴᠠ ᠪᠠᠨ ᠬᠤᠳᠠ ᠪᠠᠨ ᠡᠷᠭᠦᠵᠦ ᠪᠠᠭᠤᠵᠤ ᠦᠭᠭᠦᠭᠰᠡᠨ ᠪᠠᠶᠢᠵᠠᠢ᠃ ᠼᠤᠤ ᠼᠤᠤ ᠶᠢᠨ ᠴᠡᠷᠢᠭ ᠤᠨ ᠬᠦᠴᠦᠨ ᠡᠳᠦᠷ ᠢᠷᠡᠭᠦᠶ᠎ᠠ ᠨᠡᠮᠡᠭᠳᠡᠵᠦ᠂ ᠡᠨᠡ ᠪᠦᠬᠦᠨ ᠨᠢ ᠬᠤᠶᠢᠰᠢᠳᠠ ᠶᠢᠨ ᠲᠡᠭᠦᠨ ᠤ ᠤᠮᠠᠷᠠᠳᠤ ᠤᠷᠤᠨ ᠢ ᠨᠢᠭᠡᠳᠬᠡᠬᠦ ᠳᠤ ᠪᠠᠳᠤ ᠪᠠᠬᠢ ᠰᠠᠭᠤᠷᠢ ᠲᠠᠯᠪᠢᠬᠰᠠᠨ ᠪᠠᠶᠢᠨ᠎ᠠ᠃ 
ᠢᠷᠡᠯᠲᠡ᠄ ᠬᠤᠯᠪᠤᠭ᠎ᠠ ᠰᠦᠯᠵᠢᠶ᠎ᠡ