ᠡᠷᠭᠡᠳᠡᠨ ᠠᠪᠤ ᠶᠢᠨ ᠳᠤᠮᠤᠭ
ᠨᠡᠶᠢᠲᠡᠯᠡᠭᠰᠡᠨ ᠴᠠᠭ᠄
2023/6/12
          ᠤᠷᠢᠳᠤ ᠳᠤ ᠠᠷᠤ ᠬᠤᠷᠴᠢᠨ ᠨᠤᠲᠤᠭ ᠲᠤ ᠨᠢᠭᠡᠨ ᠠᠪᠤᠷᠭᠤ ᠪᠡᠶ᠎ᠡ ᠠᠭᠤ ᠮᠠᠩᠨᠠᠢ ᠲᠠᠢ᠂ ᠮᠦᠩᠬᠦᠨ ᠰᠠᠬᠠᠯ ᠮᠦᠰᠢᠶᠡᠩᠬᠦᠢ ᠴᠢᠷᠠᠢ ᠲᠠᠢ᠂ ᠠᠷᠤ ᠶᠢᠨ ᠮᠠᠯᠴᠢᠳ ᠲᠤ ᠪᠠᠨ ᠬᠦᠷᠢᠶᠡᠯᠡᠯ ᠲᠠᠢ᠂ ᠠᠩᠴᠢᠨ ᠰᠢᠪᠠᠭᠤᠴᠢᠨ ᠳᠤ ᠪᠠᠨ ᠬᠦᠨᠳᠦᠲᠡᠢ ︽ᠡᠷᠭᠡᠳᠡᠨ ᠠᠪᠤ︾ ᠴᠣᠯᠠ ᠲᠠᠢ ᠨᠠᠰᠤᠲᠠᠨ ᠪᠠᠶᠢᠭᠰᠠᠨ ᠭᠡᠨ᠎ᠡ᠃          ᠨᠠᠰᠤᠲᠠᠨ ᠠᠭᠤᠯᠠ ᠬᠠᠶᠢᠷᠬᠠᠨ ᠤ ᠠᠷᠢᠶᠠᠲᠠᠨ ᠠᠮᠢᠲᠠᠨ ᠢ ᠬᠠᠮᠢᠭᠠᠭᠤᠷ ᠬᠡᠳᠦᠢ ᠪᠠᠶᠢᠬᠤ ᠳᠤ ᠨᠢ ᠬᠦᠷᠲᠡᠯ᠎ᠡ ᠠᠯᠠᠭᠠᠨ ᠳᠤ ᠪᠠᠨ ᠪᠠᠶᠢᠬᠤ ᠠᠳᠠᠯᠢ ᠠᠨᠳᠠᠯ ᠦᠭᠡᠢ ᠮᠡᠳᠡᠳᠡᠭ ᠤᠴᠢᠷ ᠠᠴᠠ ᠠᠩᠴᠢᠨ ᠮᠠᠯᠴᠢᠨ ᠲᠡᠭᠦᠨ ᠢ ᠪᠠᠶᠢᠭᠠᠯᠢ ᠳᠡᠯᠡᠬᠡᠢ ᠶᠢᠨ ᠡᠬᠢ ᠪᠠᠶᠠᠯᠢᠭ ᠤᠨ ︽ᠰᠠᠩ ᠬᠠᠮᠢᠶᠠᠷᠤᠭᠴᠢ︾᠂ ᠠᠭᠤᠯᠠ ᠤᠰᠤᠨ ᠤ ︽ᠡᠷᠭᠡᠳᠡᠨ︾ ᠢᠶᠠᠷ ᠦᠵᠡᠵᠦ ᠪᠢᠰᠢᠷᠡᠨ ᠬᠦᠨᠳᠦᠳᠭᠡᠳᠡᠭ ᠪᠠᠶᠢᠵᠠᠢ᠃ ᠡᠷᠭᠡᠲᠡᠨ ᠠᠪᠤ ᠠᠭᠤᠯᠠ ᠶᠢᠨ ᠪᠠᠷᠰ ᠢ ᠬᠦᠷᠲᠡᠯ᠎ᠡ ᠳᠡᠷᠭᠡᠳᠡ ᠪᠠᠨ ᠳᠠᠭᠤᠳᠠᠨ ᠠᠪᠴᠢᠷᠠᠵᠤ ᠴᠢᠳᠠᠳᠠᠭ ᠲᠤᠯᠠ ᠡᠬᠡᠯ ᠠᠷᠠᠳ ᠠᠴᠠ ᠭᠡᠷᠭᠡᠮᠳᠡᠨ ᠨᠣᠶᠠᠨ ᠬᠦᠷᠲᠡᠯ᠎ᠡ ᠠᠶᠤᠮᠰᠢᠭ ᠦᠭᠡᠢ ᠲᠡᠭᠦᠨ ᠳᠤ ᠤᠷᠢᠳᠠᠪᠠᠢ ᠮᠡᠳᠡᠭᠳᠡᠵᠦ ᠭᠠᠵᠠᠷ ᠵᠢᠭᠠᠯᠭᠠᠬᠤ ᠦᠭᠡᠢ ᠪᠠᠷ ᠠᠩᠨᠠᠳᠠᠭ ᠦᠭᠡᠢ ᠭᠡᠨ᠎ᠡ᠃          ᠨᠢᠭᠡ ᠤᠳᠠᠭ᠎ᠠ ᠬᠤᠰᠢᠭᠤᠨ ᠸᠠᠩ ᠶᠡᠭᠡ ᠠᠩ ᠲᠠᠯᠪᠢᠬᠤ ᠭᠡᠳ ᠡᠷᠭᠡᠲᠡᠨ ᠠᠪᠤ ᠠᠴᠠ ᠬᠦᠷᠲᠡᠭᠡᠯ ᠭᠤᠶᠤᠬᠤ ᠪᠠᠷ ᠳᠠᠭᠠᠮᠠᠯ ᠲᠤᠮᠢᠯᠠᠬᠤ ᠭᠡᠬᠦ ᠳᠤ ᠪᠠᠭ᠎ᠠ ᠬᠠᠲᠤᠨ ᠨᠢ᠄ ︽ᠶᠢᠷᠲᠢᠨᠴᠦ ᠳᠡᠭᠡᠷ᠎ᠡ ᠤᠯᠠᠨ ᠤ ᠳᠡᠭᠡᠲᠡᠢ ᠨᠤᠶᠠᠨ ᠪᠠᠶᠢᠭᠠᠳ ᠠᠭᠤᠯᠠᠨ ᠤ ᠠᠮᠢᠲᠠᠨ ᠢ ᠬᠤᠷᠤᠭᠠᠬᠤ ᠳᠤ ᠤᠷᠤᠨ ᠤ ᠡᠪᠦᠭᠡᠨ ᠠᠴᠠ ᠠᠰᠠᠭᠤᠬᠤ ᠶᠠᠭᠤᠨ︖︾ ᠭᠡᠵᠦ ᠵᠠᠩᠳᠤᠷᠤᠭᠰᠠᠨ ᠲᠤᠯᠠ ᠠᠷᠭ᠎ᠠ ᠦᠭᠡᠢ ᠡᠷᠭᠡᠳᠡᠨ ᠠᠪᠤ ᠶᠢᠨ ᠵᠦᠪᠰᠢᠶᠡᠷᠡᠯ ᠦᠭᠡᠢ ᠪᠠᠷ ᠠᠪᠠ ᠬᠢᠵᠡᠢ᠃ ᠬᠡᠳᠦᠨ ᠡᠳᠦᠷ ᠠᠪᠠᠯᠠᠭᠠᠳ ᠦᠨᠦᠴᠢᠨ ᠲᠠᠤᠯᠠᠢ ᠴᠦ ᠤᠯᠤᠭᠰᠠᠨ ᠦᠭᠡᠢ ᠲᠤᠯᠠ ᠸᠠᠩ ᠤᠨ ᠬᠠᠲᠤᠨ ᠤ ᠢᠴᠢᠬᠦᠷᠢ ᠨᠢ ᠬᠤᠪᠢᠯᠵᠤ ᠠᠭᠤᠷ ᠪᠣᠯᠣᠭᠠᠳ ᠸᠠᠩ ᠨᠣᠶᠠᠨ ᠳᠤ ᠪᠠᠨ᠄ ︽ᠳᠡᠩᠳᠡᠭᠦᠯᠵᠦ ᠶᠠᠷᠢᠳᠠᠭ ᠤᠨᠴᠠ ᠡᠷᠭᠡᠲᠦ ᠡᠪᠦᠭᠡᠨ ᠢᠶᠠᠨ ᠠᠪᠴᠤ ᠢᠷ᠎ᠡ᠂ ᠪᠢ ᠪᠠᠷᠰ ᠦᠵᠡᠨ᠎ᠡ︾ ᠭᠡᠵᠦ ᠤᠷᠢᠯᠠᠪᠠ᠃          ᠡᠷᠭᠡᠳᠡᠨ ᠠᠪᠤ᠂ ᠸᠠᠩ ᠤᠨ ᠵᠠᠬᠢᠶ᠎ᠠ ᠪᠠᠷ ᠦᠨᠡᠭᠡᠷ ᠨᠢᠭᠡ ᠬᠦᠷᠡᠩ ᠡᠷᠢᠶᠡᠨ ᠪᠠᠷᠰ ᠢ ᠳᠠᠭᠠᠭᠤᠯᠤᠨ ᠢᠷᠡᠪᠡᠯ ᠸᠠᠩ ᠤᠨ ᠬᠠᠲᠤᠨ ᠦᠩᠬᠦᠯᠴᠡᠭ ᠢᠶᠠᠨ ᠬᠠᠭᠠᠷᠠᠲᠠᠯ᠎ᠠ ᠠᠶᠤᠭᠠᠳ ᠬᠠᠷ᠎ᠠ ᠲᠡᠷᠭᠡᠨ ᠳᠤ ᠪᠠᠨ ᠰᠢᠷᠭᠤᠭᠠᠳ ᠬᠠᠷᠠᠯᠲᠠ ᠦᠭᠡᠢ ᠵᠢᠭᠤᠳᠠᠪᠠ ᠭᠡᠨ᠎ᠡ᠃          ᠬᠤᠵᠢᠮ ᠨᠢ ᠡᠷᠭᠡᠲᠡᠨ ᠠᠪᠤ ᠶᠢ ᠨᠠᠰᠤ ᠪᠠᠷᠠᠭᠰᠠᠨ ᠤ ᠰᠡᠬᠦᠯᠡᠷ ᠠᠳᠡᠬᠢ ᠠᠭᠤᠯᠠᠨ ᠳᠤ ᠪᠠᠷᠰ ᠪᠠᠶᠢᠬᠤ ᠦᠭᠡᠢ ᠪᠣᠯᠣᠭᠰᠠᠨ ᠪᠦᠭᠡᠳ ᠠᠩ ᠬᠦᠷᠦᠭᠡ ᠴᠦ ᠴᠦᠭᠡᠷᠡᠵᠦ ᠤᠢ ᠮᠤᠳᠤ ᠨᠢ ᠴᠦ ᠰᠡᠶᠢᠷᠡᠭᠵᠢᠭᠰᠡᠨ ᠠᠴᠠ ᠮᠠᠯᠴᠢᠳ ᠨᠠᠰᠣᠲᠠᠨ ᠢᠶᠠᠨ ᠰᠠᠨᠠᠭᠠᠯᠵᠠᠬᠤ ᠳᠤ ᠪᠠᠨ ᠪᠠᠭ ᠬᠢᠵᠦ ᠬᠦᠷᠦᠭᠡᠯᠡᠭᠡᠳ ︽ᠴᠠᠭᠠᠨ ᠡᠪᠦᠬᠡᠨ︾ ᠭᠡᠵᠦ ᠲᠠᠬᠢᠲᠠᠭ ᠪᠣᠯᠣᠭᠰᠠᠨ ᠪᠦᠭᠡᠳ ᠵᠢᠯ ᠪᠦᠷᠢ ᠶᠢᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠪᠣᠯᠬᠤ ᠪᠦᠷᠢ ᠤᠪᠤᠭ᠎ᠠ ᠲᠠᠬᠢᠨ᠂ ᠪᠠᠷᠰ ᠳᠠᠭᠤᠳᠠᠵᠤ ᠬᠦᠰᠡᠯ ᠰᠡᠳᠬᠢᠯᠭᠡ ᠪᠠᠨ ᠢᠯᠡᠷᠡᠬᠦᠯᠳᠡᠭ ᠪᠣᠯᠵᠤ ᠭᠡᠨ᠎ᠡ᠃
ᠢᠷᠡᠯᠲᠡ᠄ ᠮᠤᠩᠭᠤᠯ ᠠᠷᠠᠳ ᠤᠨ ᠳᠤᠮᠤᠭ ᠦᠯᠢᠭᠡᠷ