ᠰᠠᠭᠠᠡᠭ ᠰᠡᠴᠡᠨ ᠪᠤᠯ ᠬᠢᠶᠠᠳ ᠠᠶᠢᠮᠠᠭ ᠤᠨ ᠪᠤᠷᠵᠢᠬᠢᠳ ᠤᠪᠤᠬᠲᠠᠨ᠃ ᠪᠠᠲᠦᠮᠦ᠋ᠡᠭᠬᠡ ᠲᠠᠶᠠᠨ ᠬᠠᠭᠠᠨ ᠤ ᠭᠤᠷᠪᠠᠳᠤᠭᠠᠷ ᠬᠦᠪᠡᠬᠦᠨ ᠪᠠᠷᠰᠪᠤᠯᠤᠳ ᠤᠨ | ᠬᠤᠶᠢᠴᠢ ᠪᠤᠯᠤᠨ᠎ᠠ᠃ 1604 ᠤᠨ ᠳᠤ ᠤᠷᠳᠤᠰ ᠤᠨ ᠦᠦᠰᠢᠨ ᠬᠤᠰᠢᠭᠤᠨ ᠤ ᠶᠡᠭᠡ ᠰᠢᠪᠠᠷ ︵ᠤᠳᠤᠬᠢ ᠦᠦᠰᠢᠨ ᠬᠤᠰᠢᠭᠤᠨ ᠤ ᠱᠠᠷᠯᠢᠭ ᠰᠤᠮᠤᠨ ᠳᠤ ᠪᠤᠢ︶ | ᠭᠡᠳᠡᠭ ᠭᠠᠵᠠᠷ ᠲᠤ ᠲᠦᠷᠦᠵᠡᠢ᠃ ᠰᠠᠭᠠᠡᠭ ᠰᠡᠴᠡᠨ ᠤ ᠡᠯᠦᠨᠴᠡ ᠡᠪᠦᠭᠡ ᠬᠤᠲᠤᠭᠲᠠᠢ ᠰᠡᠴᠡᠨ ᠬᠤᠨᠭ᠌ ᠲᠠᠶᠢᠵᠢ ᠪᠤᠯ ᠠᠯᠳᠠᠷ ᠴᠤᠤ ᠲᠠᠢ ᠬᠦᠮᠦᠨ ᠪᠤᠯᠬᠤ ᠶᠤᠮ᠃ | ᠲᠡᠷᠡ ᠡᠷᠡᠯᠬᠡᠭ ᠪᠠᠭᠠᠲᠦᠷ ᠡᠷᠳᠡᠮ ᠮᠡᠳᠡᠯᠭᠡ ᠬᠤᠤᠰᠯᠠᠭᠰᠠᠨ ᠬᠦᠮᠦᠨ ᠪᠤᠯᠬᠤᠷ ᠮᠤᠩᠭᠤᠯ ᠤᠨ ᠲᠦᠮᠡᠨ ᠵᠠᠰᠠᠭᠲᠦ ᠬᠠᠭᠠᠨ ᠤ ᠢᠲᠡᠭᠡᠯ ᠢ ᠤᠯᠵᠦ᠂ ᠵᠠᠰᠠᠭ ᠪᠠᠷᠢᠭᠴᠢ | ᠲᠠᠪᠦᠨ ᠲᠦᠰᠢᠮᠡᠯ ᠤᠨ ᠬᠢᠨᠢ ᠨᠢᠭᠡ ᠨᠢ ᠪᠤᠯᠵᠠᠢ᠃ | ᠬᠤᠲᠤᠭᠲᠠᠢ ᠰᠡᠴᠡᠨ ᠬᠤᠨᠭ᠌ ᠲᠠᠶᠢᠵᠢ 1576 ᠤᠨ ᠳᠤ ᠭᠤᠴᠢᠨ ᠲᠤᠯᠤᠭᠠᠨ ᠨᠠᠰᠦᠲᠠᠢ ᠳᠠᠭᠠᠨ ᠠᠪᠠᠭ᠎ᠠ ᠠᠯᠲᠠᠨ ᠬᠠᠨ ᠲᠠᠢ ᠪᠠᠨ ᠵᠤᠯᠭᠤᠷᠠ ᠤᠴᠢᠭᠠᠳ᠄ | ︽ᠳᠠᠯᠠᠢ ᠯᠠᠮᠠ ᠰᠤᠳᠨᠠᠮᠵᠠᠮᠰᠦ ᠶᠢ ᠵᠠᠯᠠᠵᠦ᠂ ᠡᠷᠲᠡᠨ ᠤ ᠪᠤᠭᠲᠠ ᠬᠤᠪᠢᠯᠠᠢ ᠰᠠᠴᠡᠨ ᠬᠠᠭᠠᠨ ᠬᠤᠲᠤᠭᠲᠦ ᠫᠠᠭᠫᠠ ᠯᠠᠮᠠ ᠬᠤᠶᠠᠷ ᠤᠨ ᠶᠤᠰᠤᠭᠠᠷ ᠱᠠᠰᠢᠨ ᠲᠦᠷᠦ ᠶᠢ | ᠪᠠᠶᠢᠭᠤᠯᠪᠠᠰᠦ ᠭᠠᠢᠶ᠋ᠬᠠᠮᠰᠢᠭ ᠪᠤᠰᠦ ᠦᠦ︖︾ ᠭᠡᠵᠦ ᠰᠠᠨᠠᠭᠤᠯᠭ᠎ᠠ ᠭᠠᠷᠭᠠᠪᠠ᠃ ᠠᠯᠲᠠᠨ ᠬᠠᠨ ᠲᠡᠷᠡ ᠳᠠᠷᠦᠢ ᠵᠦᠪᠰᠢᠶᠡᠷᠡᠵᠦ ᠳᠠᠯᠠᠢ ᠯᠠᠮᠠ ᠰᠤᠳᠨᠠᠮᠵᠠᠮᠰᠦ ᠶᠢ | ᠵᠠᠯᠠᠵᠦ ᠢᠷᠡᠪᠡ᠃ ᠡᠶᠢᠮᠦ ᠠᠴᠠ ᠬᠤᠲᠤᠭᠲᠠᠢ ᠰᠡᠴᠡᠨ ᠬᠤᠨᠭ᠌ ᠲᠠᠶᠢᠵᠢ ᠶᠢ ᠮᠤᠩᠭᠤᠯ ᠭᠠᠵᠠᠷ ᠲᠤ ᠰᠢᠷ᠎ᠠ ᠶᠢᠨ ᠱᠠᠰᠢᠨ ᠢ ᠲᠡᠯᠭᠡᠷᠡᠭᠦᠯᠬᠦ ᠳᠤ ᠭᠠᠪᠢᠶ᠎ᠠ ᠵᠢᠳᠭᠦᠯ | ᠶᠡᠭᠡᠳᠡᠢ ᠭᠡᠮᠡᠨ ᠲᠠᠯᠠᠢ ᠯᠠᠮᠠ ᠠᠴᠠ ᠲᠡᠭᠦᠨ ᠳᠤ ︽ᠴᠤᠭᠴᠠᠰ ᠤᠨ ᠵᠢᠷᠦᠭᠡᠨ ᠰᠡᠴᠡᠨ ᠬᠤᠨᠭ᠌ ᠲᠠᠶᠢᠵᠢ︾ ᠭᠡᠬᠦ ᠬᠦᠨᠳᠦᠳᠦ ᠴᠤᠯᠠ ᠡᠷᠭᠦᠪᠡ᠃ ᠬᠤᠳᠤᠭᠳᠠᠢ ᠰᠡᠴᠡᠨ | ᠬᠤᠨᠭ᠌ ᠲᠠᠶᠢᠵᠢ ᠶᠢᠨ ᠬᠦᠦ ᠦᠯᠵᠡᠢ ᠢᠯᠳᠤᠴᠢ ᠲᠠᠷᠬᠠᠨ ᠪᠠᠭᠠᠳᠤᠷ 1587 ᠤᠨ ᠳᠤ ᠡᠴᠢᠭᠡ ᠶᠢᠨ ᠢᠶᠠᠨ ᠵᠡᠷᠭᠡ ᠬᠡᠷᠬᠡᠮ ᠢ ᠵᠠᠯᠭᠠᠮᠵᠢᠯᠠᠵᠤ ᠪᠠᠭᠠᠳᠤᠷ ᠰᠡᠴᠡᠨ | ᠬᠤᠨᠭ᠌ ᠲᠠᠶᠢᠵᠢ ᠡᠷᠭᠦᠮᠵᠢᠯᠡᠭᠳᠡᠪᠡ᠃ ᠲᠡᠭᠦᠨ ᠤ ᠬᠦᠪᠡᠭᠦᠨ ᠨᠢ ᠪᠠᠳᠤ ᠲᠠᠶᠢᠵᠢ ᠭᠡᠳᠡᠭ ᠶᠤᠮ᠃ ᠠᠷᠪᠠᠨ ᠲᠠᠪᠤᠨ ᠨᠠᠰᠤᠳᠠᠢ ᠳᠠᠭᠠᠨ ᠡᠴᠢᠭᠡ ᠶᠢᠨ ᠢᠶᠠᠨ ᠪᠠᠭᠠᠳᠤᠷ | ᠰᠡᠴᠡᠨ ᠬᠤᠨᠭ᠌ ᠲᠠᠶᠢᠵᠢ ᠴᠤᠯᠠ ᠶᠢ ᠵᠠᠯᠭᠠᠮᠵᠢᠯᠠᠵᠤ ᠵᠠᠰᠠᠭ ᠪᠠᠷᠢᠪᠠ᠃ ᠲᠠᠭᠦᠨ ᠤ ᠬᠦᠦ ᠨᠢ ᠰᠠᠭᠠᠡᠭ ᠰᠡᠴᠡᠨ ᠬᠤᠨᠭ᠌ ᠲᠠᠶᠢᠵᠢ ᠪᠤᠯᠤᠨ᠎ᠠ᠃ | ᠰᠠᠭᠠᠡᠭ ᠰᠡᠴᠡᠨ ᠠᠷᠪᠠᠨ ᠨᠢᠭᠡᠨ ᠨᠠᠰᠤᠳᠠᠢ ᠳᠠᠭᠠᠨ ᠡᠴᠢᠭᠡ ᠶᠢᠨ ᠢᠶᠠᠨ ᠵᠡᠷᠭᠡ ᠬᠡᠷᠬᠡᠮ ᠢ ᠵᠠᠯᠭᠠᠮᠵᠢᠯᠠᠵᠤ ᠬᠤᠨᠭ᠌ ᠲᠠᠶᠢᠵᠢ ᠡᠷᠭᠦᠮᠵᠢᠯᠡᠭᠳᠡᠭᠰᠡᠨ ᠪᠦᠭᠡᠳ | ᠠᠷᠪᠠᠨ ᠲᠤᠯᠤᠭᠠᠨ ᠨᠠᠰᠤᠳᠠᠢ ᠳᠠᠭᠠᠨ ᠲᠦᠰᠢᠮᠡᠯ ᠰᠠᠭᠤᠵᠤ ᠵᠠᠰᠠᠭ ᠪᠠᠷᠢᠪᠠ᠃ ᠰᠠᠭᠠᠡᠭ ᠰᠡᠴᠡᠨ ᠬᠤᠨᠭ᠌ ᠲᠠᠶᠢᠵᠢ ᠵᠠᠰᠠᠭ ᠪᠠᠷᠢᠭᠰᠠᠨ ᠲᠠᠷᠡ ᠵᠢᠯ ︵1621︶ ᠳᠤ | ᠲᠡᠮᠡᠭᠡᠳᠦ ᠬᠤᠳᠠ ︵ᠤᠳᠤᠬᠢ ᠱᠠᠨ ᠰᠢ ᠮᠤᠵᠢ ᠶᠢᠨ ᠢᠤᠢ ᠯᠢᠨ ᠬᠤᠳᠠ︶ ᠳᠤ ᠲᠦᠷᠦ ᠶᠢᠨ ᠬᠡᠷᠡᠭ ᠢᠶᠠᠷ ᠤᠴᠢᠭᠰᠠᠨ ᠵᠢᠷᠠᠨ ᠡᠯᠴᠢ ᠨᠢ ᠠᠯᠠᠭᠳᠠᠭᠰᠠᠨ ᠪᠠᠶᠢᠨ᠎ᠠ᠃ | ᠪᠠᠷᠠᠭᠤᠨ ᠭᠤᠷᠪᠠᠨ ᠲᠦᠮᠡᠨ ᠤ ᠪᠤᠱᠤᠭᠳᠤ ᠵᠢᠨᠦᠩ ᠬᠠᠨ ᠡᠨᠡ ᠦᠰᠢᠶ᠎ᠡ ᠶᠢ ᠠᠪᠬᠤ ᠭᠡᠵᠦ ᠠᠷᠪᠠᠨ ᠲᠦᠮᠡᠨ ᠴᠡᠷᠢᠭ ᠲᠠᠶᠢᠴᠢᠯᠠᠵᠤ ᠮᠢᠩ ᠤᠯᠤᠰ ᠤᠨ ᠵᠠᠰᠠᠭ ᠤᠨ | ᠭᠠᠵᠠᠷ ᠲᠠᠢ ᠵᠢᠯ ᠭᠠᠷᠤᠢ ᠪᠠᠶᠢᠯᠳᠤᠵᠤ᠂ 1622 ᠤᠨ ᠳᠤ ᠬᠤᠶᠠᠷ ᠡᠳᠡᠭᠡᠳ ᠲᠠᠬᠢᠨ ᠡᠪᠰᠡᠪᠡ᠃ ᠲᠡᠭᠦᠨ ᠤ ᠬᠤᠶᠢᠨ᠎ᠠ ᠲᠦᠷᠦ ᠶᠢᠨ ᠬᠡᠷᠡᠭ ᠢ ᠵᠦᠪᠳᠡᠬᠦᠯᠬᠦ ᠪᠠᠷ | ᠲᠠᠬᠢᠨ ᠵᠢᠷᠭᠤᠭᠠᠨ ᠡᠯᠴᠢ ᠲᠤᠮᠢᠯᠠᠭᠰᠠᠨ ᠪᠠᠶᠢᠨ᠎ᠠ᠃ ᠰᠠᠭᠠᠡᠭ ᠰᠡᠴᠡᠨ ᠪᠤᠯ ᠡᠨᠡ ᠵᠢᠷᠭᠤᠭᠠᠨ ᠡᠯᠴᠢ ᠶᠢᠨ ᠲᠤᠳᠤᠷᠠᠬᠢ ᠨᠢᠭᠡ ᠨᠢ ᠪᠤᠯᠤᠨ᠎ᠠ᠃ ᠰᠠᠭᠠᠡᠭ ᠰᠡᠴᠡᠨ | ᠬᠤᠨᠭ᠌ ᠲᠠᠶᠢᠵᠢ ᠵᠠᠰᠠᠭ ᠪᠠᠷᠢᠭᠠᠳ ᠲᠡᠮᠡᠢ ᠤᠳᠠᠭᠠᠳᠤᠢ ᠪᠠᠶᠢᠳᠠᠯ᠎ᠠ᠂ 1627 ᠤᠨ ᠳᠤ ᠪᠠᠷᠠᠭᠤᠨ ᠭᠤᠷᠪᠠᠨ ᠲᠦᠮᠡᠨ ᠤᠷᠪᠠᠭᠠᠳ ᠮᠤᠩᠭᠤᠯ ᠤᠨ ᠬᠠᠭᠠᠨ ᠲᠦᠷᠦ ᠳᠤ | ᠬᠠᠭᠠᠷᠠᠯ ᠭᠠᠷᠪᠠ᠃ ᠡᠨᠡ ᠤᠷᠪᠠᠯᠭᠠᠨ ᠢ ᠲᠠᠷᠤᠩᠭᠤᠢᠢᠯᠠᠬᠤ ᠶᠢᠨ ᠲᠦᠯᠦᠭᠡ᠂ ᠯᠢᠭᠳᠡᠨ ᠬᠤᠳᠤᠭᠳᠤ ᠬᠠᠭᠠᠨ ᠪᠠᠷᠠᠭᠤᠨᠰᠢ ᠮᠤᠷᠢᠯᠠᠨ ᠢᠷᠡᠭᠰᠡᠨ ᠳᠤ ᠰᠠᠭᠠᠡᠭ ᠰᠡᠴᠡᠨ | ᠬᠤᠨᠭ᠌ ᠲᠠᠶᠢᠵᠢ ᠶᠡᠭᠡᠳᠡ ᠪᠠᠶᠠᠷᠯᠠᠵᠤ ᠬᠠᠯᠠᠭᠤᠨ ᠢᠶᠠᠷ ᠤᠭᠳᠤᠨ ᠠᠪᠤᠪᠠ᠃ ᠲᠡᠭᠡᠭᠡᠳ ᠯᠢᠭᠳᠡᠨ ᠬᠤᠳᠤᠭᠳᠤ ᠬᠠᠭᠠᠨ ᠯᠤᠭ᠎ᠠ ᠬᠠᠮᠳᠤ ᠪᠠᠷ ᠪᠠᠷᠠᠭᠤᠨ ᠭᠤᠷᠪᠠᠨ | ᠲᠦᠮᠡᠨ ᠤ ᠤᠷᠪᠠᠯᠭᠠᠨ ᠢ ᠲᠠᠷᠤᠩᠭᠤᠢᠢᠯᠠᠵᠠᠢ᠃ ᠲᠡᠭᠦᠨ ᠤ ᠬᠤᠶᠢᠨ᠎ᠠ ᠰᠠᠭᠠᠡᠭ ᠰᠡᠴᠡᠨ ᠬᠤᠨᠭ᠌ ᠲᠠᠶᠢᠵᠢ ᠦᠪᠡᠷ ᠤᠨ ᠬᠠᠷᠢᠶᠠᠳᠤ ᠴᠡᠷᠢᠭ ᠢᠶᠠᠨ ᠠᠪᠴᠤ᠂ ᠯᠢᠭᠳᠡᠨ | ᠬᠤᠳᠤᠭᠳᠤ ᠬᠠᠭᠠᠨ ᠢ ᠲᠠᠭᠠᠭᠠᠳ ᠮᠠᠨᠵᠤ ᠴᠢᠩ ᠤᠯᠤᠰ ᠯᠤᠭ᠎ᠠ ᠪᠠᠶᠢᠯᠳᠤᠪᠠ᠃ ᠲᠡᠭᠡᠭᠡᠳ ᠯᠢᠭᠳᠡᠨ ᠬᠤᠳᠤᠭᠳᠤ ᠬᠠᠭᠠᠨ ᠮᠠᠨᠵᠤ ᠴᠢᠩ ᠤᠯᠤᠰ ᠲᠤ | ᠲᠡᠶᠢᠯᠦᠭᠳᠡᠭᠡᠳ ᠪᠠᠷᠠᠭᠤᠨᠰᠢ ᠲᠤᠳᠠᠭᠠᠭᠰᠠᠨ ᠳᠤ ᠰᠠᠭᠠᠡᠭ ᠰᠡᠴᠡᠨ ᠬᠤᠨᠭ᠌ ᠲᠠᠶᠢᠵᠢ ᠴᠠᠬᠠᠷ ᠤᠨ ᠰᠠᠶᠢᠳ ᠵᠤᠯᠠᠳᠤ ᠪᠠᠭᠠᠳᠤᠷ ᠬᠢᠶ᠎ᠡ᠂ ᠮᠠᠨᠳᠤᠬᠠᠢ ᠲᠠᠷᠬᠠᠨ ᠬᠢᠶ᠎ᠡ᠂ | ᠯᠠᠩᠰᠤ ᠢᠯᠳᠤᠴᠢ ᠪᠠᠭᠠᠳᠤᠷ ᠨᠠᠷ ᠯᠤᠭ᠎ᠠ ᠨᠠᠶᠢᠯᠠᠵᠤ᠂ 1634 ᠤᠨ ᠳᠤ ᠲᠦᠷᠦᠭᠰᠡᠨ ᠨᠤᠳᠤᠭ ᠵᠦᠭ ᠢᠶᠠᠨ ᠪᠤᠴᠠᠪᠠ᠃ ᠰᠠᠭᠠᠡᠭ ᠰᠡᠴᠡᠨ ᠬᠤᠨᠭ᠌ ᠲᠠᠶᠢᠵᠢ | ᠦᠪᠡᠷ ᠤᠨ ᠨᠤᠳᠤᠭ ᠶᠡᠭᠡ ᠰᠢᠪᠡᠷ ᠵᠦᠭ ᠢᠶᠠᠨ ᠪᠤᠴᠠᠬᠤ ᠵᠠᠭᠤᠷ᠎ᠠ ᠪᠠᠷᠠᠭᠤᠨ ᠭᠤᠷᠪᠠᠨ ᠲᠦᠮᠡᠨ ᠤ ᠵᠢᠨᠦᠩ ᠷᠢᠨᠴᠢᠨ ᠲᠠᠢ ᠠᠭᠤᠯᠵᠠᠵᠤ᠄ ︽ᠪᠢᠳᠡ ᠴᠠᠬᠠᠷ ᠯᠤᠭ᠎ᠠ | ᠨᠠᠶᠢᠯᠠᠵᠤ ᠪᠤᠴᠠᠵᠤ ᠬᠠᠷᠢᠬᠤ ᠪᠠᠷ ᠪᠤᠢ᠂ ᠡᠳᠦᠭᠡ ᠡᠵᠡᠨ ᠶᠦᠭᠡᠨ ᠴᠢᠮᠠᠢᠢ ᠠᠪᠴᠤ ᠪᠤᠴᠠᠶ᠎ᠠ︾ ᠭᠡᠵᠦ ᠬᠡᠯᠡᠪᠡ᠃ 1634 ᠤᠨ ᠳᠤ ᠷᠢᠨᠴᠢᠨ ᠲᠠᠬᠢᠨ ᠰᠠᠴᠡᠨ | ᠵᠢᠨᠦᠩ ᠭᠡᠮᠡᠬᠦ ᠤᠷᠢᠳᠤ ᠶᠢᠨ ᠬᠠᠨ ᠤᠷᠤᠨ ᠳᠠᠭᠠᠨ ᠰᠠᠭᠤᠭᠠᠳ᠂ ᠤᠷᠳᠤᠰ ᠲᠦᠮᠡᠨ ᠳᠤ ᠦᠯᠡᠳᠡᠭᠰᠡᠨ ᠶᠡᠭᠡ ᠪᠠᠭ᠎ᠠ ᠨᠤᠶᠠᠳ ᠢᠶᠠᠨ ᠴᠤᠭᠯᠠᠭᠤᠯᠤᠨ ᠬᠤᠷᠠᠯ | ᠬᠤᠷᠠᠯᠳᠤᠭᠤᠯᠵᠤ ︽ᠲᠠ ᠨᠠᠷ ᠰᠠᠮᠠᠭᠤᠨ ᠴᠡᠷᠢᠭ ᠤᠨ ᠲᠤᠳᠤᠷ᠎ᠠ ᠠᠴᠠ ᠨᠠᠮᠠᠢᠢ ᠬᠠᠮᠠᠭᠠᠯᠠᠵᠤ ᠪᠤᠴᠠᠭᠠᠨ ᠠᠪᠴᠢᠷᠠᠪᠠ︾ ᠭᠡᠮᠡᠨ ᠲᠤᠰ ᠲᠤᠰ ᠵᠡᠷᠭᠡ ᠬᠡᠷᠬᠡᠮ | ᠰᠤᠶᠤᠷᠬᠠᠪᠠ᠃ ᠲᠡᠷᠡ ᠲᠤᠬᠠᠢ ᠰᠠᠭᠠᠡᠭ ᠰᠡᠴᠡᠨ ᠬᠤᠨᠭ᠌ ᠲᠠᠶᠢᠵᠢ ᠳᠤ ︽ᠡᠷᠭᠡ ᠰᠡᠴᠡᠨ ᠬᠤᠨᠭ᠌ ᠲᠠᠶᠢᠵᠢ︾ ᠭᠡᠳᠡᠭ ᠬᠦᠨᠳᠦ ᠴᠤᠯᠠ ᠬᠠᠶᠢᠷᠠᠯᠠᠵᠤ ︽ᠬᠤᠰᠢᠭᠤ | ᠶᠡᠭᠡ ᠠᠶᠠᠨ ᠤ ᠡᠮᠦᠨ᠎ᠠ ᠨᠢ ᠮᠤᠷᠢᠯᠠᠵᠤ᠂ ᠬᠤᠮᠤᠷᠭᠠᠨ ᠶᠡᠭᠡ ᠠᠪᠠ ᠶᠢᠨ ᠲᠦᠪ ᠲᠤᠨᠢ ᠶᠠᠪᠤᠳᠤᠭᠠᠢ︕︾ ᠭᠡᠮᠡᠨ ᠵᠠᠷᠯᠢᠭ ᠪᠤᠯᠪᠠ᠃ | 1635 ᠤᠨ ᠳᠤ ᠮᠠᠨᠵᠤ ᠴᠢᠩ ᠤᠯᠤᠰ ᠤᠷᠳᠤᠰ ᠢ ᠲᠠᠭᠠᠭᠤᠯᠤᠨ ᠠᠪᠬᠤ ᠦᠶ᠎ᠡ ᠳᠤ ᠰᠠᠭᠠᠡᠭ ᠰᠡᠴᠡᠨ ᠬᠤᠨᠭ᠌ ᠲᠠᠶᠢᠵᠢ ᠰᠠᠶ᠋ᠢ ᠭᠤᠴᠢᠨ ᠨᠠᠰᠤᠳᠠᠢ | ᠪᠠᠶᠢᠵᠠᠢ᠃ ᠲᠡᠷᠡ ᠪᠤᠯ ᠮᠤᠩᠭᠤᠯ ᠤᠨ ᠲᠦᠰᠢᠮᠡᠳ ᠤᠨ ᠲᠤᠳᠤᠷ᠎ᠠ ᠡᠷᠬᠢᠮ ᠬᠦᠨᠳᠤᠳᠤ ᠠᠯᠳᠠᠷ ᠴᠤᠯᠠ ᠲᠠᠢ᠂ ᠡᠭᠡᠯ ᠪᠤᠰᠤ ᠶᠢᠨ ᠡᠷᠳᠡᠮ ᠴᠢᠳᠠᠪᠤᠷᠢ ᠲᠠᠢ ᠬᠦᠮᠦᠨ | ᠪᠠᠶᠢᠭᠰᠠᠨ ᠶᠤᠮ᠃ ᠮᠤᠩᠭᠤᠯ ᠤᠨ ᠲᠦᠷᠦ ᠮᠦᠬᠦᠬᠦ ᠶᠢᠨ ᠲᠠᠭᠠᠤ ᠰᠠᠭᠠᠡᠭ ᠰᠡᠴᠡᠨ ᠬᠤᠨᠭ᠌ ᠲᠠᠶᠢᠵᠢ ᠶᠢᠨ ᠤᠯᠤᠰ ᠲᠦᠷᠦ ᠶᠢᠨ ᠪᠠᠶᠢᠷᠢ ᠰᠠᠭᠤᠷᠢ ᠪᠠᠰᠠ ᠪᠠᠭᠤᠷᠠᠭᠠᠳ᠂ | ᠰᠤᠯᠠ ᠬᠦᠮᠦᠨ ᠤ ᠡᠩᠨᠡᠭᠡ ᠳᠤ ᠤᠷᠤᠭᠰᠠᠨ ᠪᠠᠶᠢᠪᠠ᠃ ᠡᠶᠢᠮᠦ ᠠᠴᠠ ᠲᠡᠷᠡ ᠭᠤᠴᠢᠨ ᠨᠠᠰᠤᠨ ᠠᠴᠠ ᠡᠬᠢᠯᠡᠨ ᠲᠠᠪᠢ ᠶᠢᠰᠦ ᠬᠦᠷᠳᠡᠯ᠎ᠡ ᠬᠤᠷᠢ ᠶᠢᠰᠦᠨ ᠵᠢᠯ ᠤᠨ | ᠴᠠᠭ ᠢ ᠵᠠᠷᠤᠴᠠᠭᠤᠯᠵᠤ ︽ᠡᠷᠳᠡᠨᠢ ᠶᠢᠨ ᠲᠤᠪᠴᠢ︾ ᠶᠢ ᠪᠢᠴᠢᠵᠤ ᠲᠠᠭᠤᠰᠤᠭᠰᠠᠨ ᠶᠤᠮ᠃ ᠰᠠᠭᠠᠡᠭ ᠰᠠᠴᠡᠨ ︽ᠡᠷᠳᠡᠨᠢ ᠶᠢᠨ ᠲᠤᠪᠴᠢ︾ ᠪᠠᠨ 1663 ᠤᠨ ᠳᠤ | ᠪᠢᠴᠢᠵᠦ ᠲᠠᠭᠤᠰᠬᠠᠭᠰᠠᠨ ᠪᠤᠯᠪᠠᠴᠤ ᠮᠤᠩᠭᠤᠯ ᠤᠨ ᠲᠠᠤᠭᠡ ᠶᠢᠨ ᠪᠢᠴᠢᠯᠭᠡ ᠪᠠᠨ 1634 ᠤᠨ ᠳᠤ ᠯᠢᠭᠳᠡᠨ ᠬᠠᠭᠠᠨ ᠤ ᠡᠴᠦᠰ ᠪᠤᠯᠤᠭᠰᠠᠨ ᠢᠶᠠᠷ ᠲᠡᠭᠦᠰᠭᠡᠯ | ᠪᠤᠯᠭᠠᠵᠠᠢ᠃ ᠡᠨᠡ ᠨᠢ 1635 ᠤᠨ ᠳᠤ ᠪᠠᠷᠠᠭᠤᠨ ᠭᠤᠷᠪᠠᠨ ᠲᠦᠮᠡᠨ ᠤ ᠷᠢᠨᠴᠢᠨ ᠵᠢᠨᠦᠩ ᠮᠠᠨᠵᠤ ᠳᠤ ᠪᠠᠭᠤᠵᠤ ᠦᠭᠭᠦᠭᠰᠡᠨ ᠪᠠ 1636 ᠤᠨ ᠳᠤ ᠦᠪᠦᠷ | ᠮᠤᠩᠭᠤᠯ ᠤᠨ ᠸᠠᠩ ᠬᠦᠡᠭ ᠨᠠᠷ ᠴᠢᠭᠤᠯᠭᠠᠨ ᠪᠤᠯᠵᠤ᠂ ᠮᠠᠨᠵᠦ ᠶᠢᠨ ᠬᠤᠨᠭ᠌ ᠲᠠᠶᠢᠵᠢ ᠮᠤᠩᠭᠤᠯ ᠤᠨ ᠬᠠᠭᠠᠨ ᠢᠶᠠᠷ ᠡᠷᠭᠦᠭᠰᠡᠨ ᠵᠡᠷᠭᠡ ᠲᠡᠤᠬᠡ ᠶᠢᠨ ᠭᠤᠳᠤᠮᠰᠢᠭᠳᠤ | ᠬᠡᠷᠡᠭ ᠤᠳ ᠢ ᠪᠢᠴᠢᠬᠦ ᠠᠴᠠ ᠵᠤᠷᠢᠭᠤᠳᠠ ᠵᠠᠶᠢᠯᠠᠰᠬᠢᠵᠤ᠂ ᠲᠤᠭᠤᠢ ᠪᠠᠷ ᠡᠰᠠᠷᠭᠦᠴᠡᠭᠰᠡᠨ ᠶᠠᠪᠤᠳᠠᠯ ᠪᠤᠯᠬᠤ ᠪᠢᠯᠡ᠃ ᠡᠶᠢᠮᠦ ᠴᠤ ᠤᠴᠢᠷ ᠠᠴᠠ ᠮᠠᠨᠵᠤ ᠴᠢᠩ ᠤᠨ | ᠡᠩᠭᠡ ᠠᠮᠤᠭᠤᠯᠠᠩ ᠪᠠ ᠲᠡᠭᠷᠢ ᠲᠡᠳᠭᠦᠭᠴᠢ ᠬᠠᠭᠠᠨ ᠤ ᠦᠶ᠎ᠡ ᠳᠤ ︽ᠡᠷᠳᠡᠨᠢ ᠶᠢᠨ ᠲᠤᠪᠴᠢ︾ ᠳᠤ ᠨᠡᠮᠡᠯᠳᠡ ᠬᠠᠰᠤᠯᠳᠠ᠂ ᠵᠠᠰᠠᠯᠳᠠ ᠦᠭᠡᠷᠡᠴᠢᠯᠡᠯᠳᠡ ᠶᠡᠭᠡᠳᠡ | ᠬᠢᠭᠰᠡᠨ ᠪᠠᠶᠢᠨᠠᠮ᠃ ᠢᠡᠭᠭᠢᠭᠡᠳ ︽ᠡᠷᠳᠡᠨᠢ ᠶᠢᠨ ᠲᠤᠪᠴᠢ︾ ᠨᠢ ︽ ᠡᠯᠳᠡᠪ ᠰᠤᠳᠤᠷ ᠤᠨ ᠬᠤᠷᠢᠶᠠᠩᠭᠤᠢ ᠡᠷᠳᠡᠨᠢ ᠠᠯᠳᠠᠨ ᠲᠤᠪᠴᠢ︾᠂ ︽ᠬᠠᠳ ᠤᠨ | ᠦᠨᠳᠦᠰᠤᠨ ᠤ ᠡᠷᠳᠡᠨᠢ ᠶᠢᠨ ᠲᠤᠪᠴᠢ︾᠂ ︽ᠡᠨᠡᠳᠬᠡᠭ ᠲᠦᠪᠡᠳ ᠮᠤᠩᠭᠤᠯ ᠤᠨ ᠬᠠᠳ ᠤᠨ ᠴᠠᠭᠠᠨ ᠲᠡᠭᠦᠭᠡ ᠨᠡᠷᠡᠳᠦ ᠲᠤᠭᠤᠵᠢ︾᠂ ︽ᠰᠠᠪᠠ ᠰᠢᠮ᠎ᠡ ᠶᠡᠭᠡ | ᠶᠢᠷᠳᠢᠨᠴᠤ ᠶᠢᠨ ᠬᠠᠭᠠᠳ ᠤᠨ ᠦᠨᠳᠤᠰᠤᠨ ᠤ ᠴᠢᠬᠤᠯᠠ ᠤᠳᠬ᠎ᠠ ᠳᠤ ᠰᠤᠳᠤᠷ︾᠂ ︽ᠮᠤᠩᠭᠤᠯ ᠤᠨ ᠬᠠᠳ ᠤᠨ ᠢᠵᠠᠭᠤᠷ ᠤᠨ ᠲᠡᠤᠭᠡ︾᠂ ︽ᠮᠤᠩᠭᠤᠯ ᠤᠨ | ᠢᠵᠠᠭᠤᠷ ᠤᠨ ᠲᠡᠤᠭᠡ︾ ᠵᠡᠷᠭᠡ ᠤᠯᠠᠨ ᠨᠡᠷ᠎ᠡ ᠲᠠᠢ ᠪᠤᠯᠤᠭᠰᠠᠨ ᠶᠤᠮ᠃ ᠰᠡᠭᠦᠯᠳᠡᠵᠤ ᠢᠷᠡᠭᠡᠳ ᠰᠠᠶ᠋ᠢ ︽ᠬᠠᠳ ᠤᠨ ᠦᠨᠳᠦᠰᠦᠨ ᠤ ᠡᠷᠳᠡᠨᠢ ᠶᠢᠨ ᠲᠤᠪᠴᠢ︾ | ᠪᠤᠶᠤ ᠲᠤᠪᠴᠢᠯᠠᠭᠠᠳ ︽ᠡᠷᠳᠡᠨᠢ ᠶᠢᠨ ᠲᠤᠪᠴᠢ︾ ᠭᠡᠬᠦ ᠪᠤᠯᠵᠠᠢ᠃ | ︽ᠡᠷᠳᠡᠨᠢ ᠶᠢᠨ ᠲᠤᠪᠴᠢ︾ ᠶᠢ ︽ᠨᠢᠭᠤᠴᠠ ᠲᠤᠪᠴᠢᠶᠠᠨ︾ ᠤ ᠠᠷᠭ᠎ᠠ ᠪᠠᠷᠢᠯ ᠢᠶᠠᠷ ᠪᠢᠴᠢᠵᠦ᠂ ᠲᠡᠤᠭᠡᠳᠦ ᠶᠠᠪᠤᠳᠠᠯ ᠢ ᠤᠷᠠᠨ ᠲᠤᠮᠤᠭ᠂ ᠤᠷᠠᠨ ᠰᠠᠨᠠᠭ᠎ᠠ᠂ | ᠤᠷᠠᠨ ᠰᠢᠯᠦᠭ ᠢᠶᠠᠷ ᠲᠦᠷᠰᠦᠯᠡᠨ ᠢᠯᠡᠳᠭᠡᠭᠰᠡᠨ ᠲᠤᠯᠠ 17 ᠳ᠋ᠤᠭᠠᠷ ᠵᠠᠭᠤᠨ ᠤ ᠮᠤᠩᠭᠤᠯ ᠲᠡᠤᠭᠡᠨ ᠤᠷᠠᠨ ᠵᠤᠬᠢᠶᠠᠯ ᠤᠳ ᠤᠨ ᠲᠡᠷᠢᠬᠦᠨ ᠳᠤ ᠤᠷᠤᠬᠤ ᠶᠤᠮ᠃ | ᠡᠶᠢᠮᠦ ᠠᠴᠠ ᠰᠠᠭᠠᠡᠭ ᠰᠡᠴᠡᠨ ᠬᠤᠨᠭ᠌ ᠲᠠᠶᠢᠵᠢ ᠪᠤᠯ ᠮᠤᠩᠭᠤᠯ ᠤᠨ ᠲᠡᠤᠭᠡᠨᠡ ᠠᠯᠳᠠᠷᠳᠠᠢ ︽ᠭᠤᠷᠪᠠᠨ ᠲᠤᠪᠴᠢ︾ ᠶᠢᠨ ᠨᠢᠭᠡ ᠨᠢ ᠪᠤᠯᠬᠤ ︽ᠡᠷᠳᠡᠨᠢ ᠶᠢᠨ | ᠲᠤᠪᠴᠢ︾ ᠶᠢ ᠪᠢᠴᠢᠭᠰᠡᠨ ᠰᠤᠶᠤᠯ ᠤᠨ ᠲᠤᠮᠤ ᠵᠢᠳᠭᠦᠯᠳᠡᠨ ᠪᠤᠯᠬᠤ ᠶᠤᠮᠰᠠᠨ᠃ |