| ᠮᠢᠬ᠎ᠠ ᠲᠤᠰᠤ᠂ ᠰᠦ ᠰᠠᠭᠠᠯᠢ᠂ ᠬᠦᠮᠡᠯᠢ ᠲᠠᠭᠠᠨ᠎ᠠ᠂ ᠴᠠᠢ ᠪᠤᠭᠤᠷᠰᠤᠭ ᠨᠢ ᠮᠠᠯᠴᠢᠳ ᠤᠨ ᠭᠤᠤᠯ ᠢᠳᠡᠬᠡᠨ ᠤ ᠲᠦᠷᠦᠯ ᠪᠤᠯᠵᠤ ᠪᠠᠶᠢᠳᠠᠭ ᠢᠶᠠᠷ ᠪᠠᠷᠠᠬᠤ | ᠦᠬᠡᠢ ᠠᠯᠢ ᠤᠵᠤᠭᠤᠷ ᠠᠴᠠ ᠪᠠᠨ ᠮᠤᠩᠭᠤᠯᠴᠤᠳ ᠤᠨ ᠠᠮᠢᠳᠤᠷᠠᠯ ᠲᠤᠮᠳᠠ ᠲᠤᠳᠠᠭᠳᠠᠵᠤ ᠪᠤᠯᠤᠰᠢ ᠦᠬᠡᠢ ᠢᠳᠡᠬᠡᠨ ᠤᠮᠳᠠᠭᠠᠨ ᠪᠤᠯᠤᠭᠰᠠᠭᠠᠷ ᠢᠷᠡᠭᠰᠡᠨ ᠪᠢᠯᠡ᠃ | ᠶᠡᠷᠦ ᠨᠢ ᠮᠠᠨ ᠤ ᠮᠠᠯᠴᠢᠳ ᠢᠳᠡᠬᠡᠨ ᠤᠮᠳᠠᠭᠠᠨ ᠢᠶᠠᠨ ᠶᠡᠬᠡᠳᠡ ᠡᠷᠬᠢᠮᠯᠡᠳᠡᠭ᠃ ᠦᠷᠯᠦᠭᠡ ᠰᠦ ᠲᠠᠢ ᠴᠠᠢ ᠳᠠᠭᠠᠨ ᠠᠮᠤ ᠤᠷᠬᠢᠵᠤ ᠲᠤᠰᠤ ᠬᠦᠪᠤᠭᠦᠯᠦᠭᠡᠳ | ᠠᠮᠳᠠᠷᠬᠠᠨ ᠤᠤᠭᠤᠨ᠎ᠠ᠂ ᠡᠳᠦᠷ ᠤᠨ ᠭᠤᠷᠪᠠᠨ ᠡᠷᠢᠨ ᠤ ᠬᠤᠭᠤᠯᠠᠨ ᠳᠤ ᠴᠠᠢ ᠭᠤᠤᠯᠯᠠᠬᠤ ᠪᠠᠶᠢᠷᠢ ᠶᠢ ᠡᠵᠡᠯᠡᠳᠡᠭ᠃ ᠭᠤᠯᠢᠷ ᠲᠠᠰᠤᠯᠤᠭᠰᠠᠨ ᠴᠠᠢ᠂ ᠪᠤᠳᠠᠭ᠎ᠠ | ᠤᠷᠬᠢᠭᠰᠠᠨ ᠴᠠᠢ᠂ ᠬᠠᠳᠠᠭᠰᠠᠨ ᠮᠢᠬ᠎ᠠ ᠪᠤᠭᠤᠷᠰᠤᠭ ᠲᠠᠢ ᠴᠠᠢ ᠁ ᠬᠡᠳ ᠪᠠᠶᠢᠬᠤ ᠯᠠ ᠪᠤᠶᠠᠨ᠃ ᠬᠤᠷᠤᠳ ᠠᠭᠠᠷᠤᠤᠯ ᠢᠶᠠᠨ ᠦᠳᠬᠡᠨ ᠬᠠᠷ᠎ᠠ ᠴᠠᠢ ᠳᠤ ᠬᠢᠵᠦ | ᠤᠤᠭᠤᠨ᠎ᠠ᠂ ᠡᠨᠡ ᠪᠦᠬᠦᠨ ᠨᠢ ᠬᠦᠳᠡᠭᠡ ᠶᠢᠨ ᠠᠮᠢᠳᠤᠷᠠᠯ ᠤᠨ ᠨᠡᠶᠢᠳᠡᠯᠢᠭ ᠤᠨᠴᠠᠯᠢᠭ ᠪᠠᠶᠢᠭᠰᠠᠨ ᠪᠤᠯ ᠤᠳᠤ ᠠᠮᠢᠳᠤᠷᠠᠯ ᠠᠬᠤᠢ ᠰᠠᠶᠢᠵᠢᠷᠠᠵᠤ᠂ ᠬᠦᠮᠡᠯᠢ ᠲᠠᠭᠠᠨ᠎ᠠ | ᠨᠤᠭᠤᠭ᠎ᠠ ᠵᠢᠮᠢᠰ ᠠᠴᠠ ᠦᠭᠰᠦᠭᠦᠯᠦᠭᠡᠳ ᠵᠢᠭᠠᠰᠤ ᠲᠠᠬᠢᠶᠠᠨ ᠮᠢᠬ᠎ᠠ᠂ ᠦᠨᠳᠡᠭᠡ ᠵᠡᠷᠬᠡ ᠦᠨᠳᠦᠷ ᠰᠢᠮ᠎ᠡ ᠲᠡᠵᠢᠬᠡᠯᠳᠦ ᠬᠤᠭᠤᠯᠠ ᠤᠮᠳᠠᠭᠠᠨ ᠢ ᠨᠡᠶᠢᠳᠡᠮ ᠢᠳᠡᠬᠦ | ᠪᠤᠯᠤᠯ᠎ᠠ᠃ | ᠢᠳᠡᠬᠡᠨ ᠤᠮᠳᠠᠭᠠᠨ ᠤ ᠲᠦᠷᠦᠯ ᠵᠦᠢᠯ ᠤᠯᠠᠰᠢᠷᠠᠵᠤ᠂ ᠡᠳᠦᠷ ᠲᠤᠲᠤᠮ ᠤᠨ ᠠᠮᠢᠳᠤᠷᠠᠯ ᠪᠠᠶᠠᠯᠢᠭᠵᠢᠵᠤ ᠪᠠᠶᠢᠭ᠎ᠠ ᠲᠤᠯᠠ ᠮᠠᠯᠴᠢᠳ ᠮᠠᠨᠢ ᠬᠤᠭᠤᠯᠠ | ᠤᠮᠳᠠ ᠪᠠᠨ ᠵᠤᠬᠢᠰᠳᠠᠢ ᠲᠤᠬᠢᠷᠠᠭᠤᠯᠬᠤ ᠶᠢ ᠢᠯᠡᠬᠦᠭᠡᠨ ᠠᠩᠬᠠᠷᠴᠤ᠂ ᠡᠶᠢᠮᠦᠷᠬᠦᠤ ᠵᠠᠩ ᠲᠠᠳᠬᠠᠯ ᠲᠠᠢ ᠪᠤᠯᠬᠤ ᠨᠢ ᠵᠦᠢᠳᠡᠢ᠃ ᠡᠨᠡ ᠲᠤᠬᠠᠢ ᠠᠯᠠᠱᠠ ᠠᠶᠢᠮᠠᠭ ᠤᠨ | ᠮᠤᠩᠭᠤᠯ ᠡᠮᠨᠡᠯᠬᠡ ᠶᠢᠨ ᠬᠤᠷᠢᠶᠠᠨ ᠤ ᠤᠤᠯ ᠤᠨ ᠲᠡᠳ᠋ ᠬᠤᠷᠢᠶᠠᠨ ᠲᠠᠷᠤᠭ᠎ᠠ᠂ ᠡᠷᠬᠢᠯᠡᠭᠴᠢ ᠡᠮᠴᠢ ᠤᠯᠠᠭᠠᠨᠬᠦᠦ ᠲᠠᠢ ᠵᠤᠭᠤᠭᠳᠠᠭᠰᠠᠨ ᠲᠦᠬᠦᠮᠬᠡᠨ ᠶᠠᠷᠢᠯᠴᠠᠭ᠎ᠠ ᠪᠠᠨ | ᠡ᠊ᠨᠳᠡ ᠲᠤᠯᠢᠳᠠᠭᠤᠯᠤᠶᠠ᠃ | ᠴᠠᠢ ᠨᠢ ᠲᠡᠯᠡᠬᠡᠢ ᠶᠢᠨ ᠭᠤᠷᠪᠠᠨ ᠶᠡᠭᠡ ᠤᠮᠳᠠᠭᠠᠨ ᠤ ᠨᠢᠬᠡ ᠪᠤᠯᠳᠠᠭ᠂ ᠮᠦᠨ ᠴᠤ ᠮᠠᠨ ᠤ ᠮᠠᠯᠴᠢᠳ ᠤᠨ ᠲᠤᠳᠠᠬᠳᠠᠵᠤ ᠪᠤᠯᠤᠰᠢ ᠦᠬᠡᠢ ᠤᠮᠳᠠᠭᠠᠨ᠂ | ᠲᠡᠭᠡᠪᠡᠯ ᠴᠠᠢ ᠨᠢ ᠰᠢᠮ᠎ᠠ ᠲᠡᠵᠢᠬᠡᠯ ᠤᠨ ᠲᠠᠯ᠎ᠠ ᠪᠠᠷ ᠶᠠᠮᠠᠷ ᠰᠢᠦ ᠪᠠᠶᠢᠳᠠᠭ ᠪᠤᠢ︖ | ᠮᠠᠨ ᠤ ᠮᠠᠯᠴᠢᠳ ᠬᠡᠪ ᠤᠨ ᠴᠠᠢ ᠶᠢ ᠶᠡᠭᠡ ᠪᠠᠷ ᠤᠤᠭᠤᠳᠠᠭ᠂ ᠬᠡᠪ ᠤᠨ ᠴᠠᠢ ᠪᠤᠯ ᠴᠠᠢ ᠶᠢᠨ ᠲᠦᠷᠦᠯ ᠳᠤ ᠰᠢᠮ᠎ᠠ ᠲᠡᠵᠢᠬᠡᠯ ᠢᠶᠠᠷ ᠬᠠᠮᠤᠭ ᠤᠨ ᠲᠤᠤᠷ᠎ᠠ | ᠪᠠᠶᠢᠳᠠᠭ᠃ ᠬᠡᠪᠡᠴᠦ ᠴᠠᠢ ᠶᠢ ᠡᠳ᠋ᠯᠡᠬᠦ ᠳᠡᠭᠡᠨ ᠦᠳᠬᠡᠨ ᠰᠢᠩᠭᠡᠨ ᠤ ᠬᠡᠮᠵᠢᠶ᠎ᠡ ᠶᠢ ᠵᠤᠬᠢᠴᠠᠭᠤᠯᠬᠤ ᠬᠡᠷᠡᠭᠳᠡᠢ᠂ ᠦᠨᠵᠢᠭᠰᠡᠨ ᠴᠠᠢ ᠤᠤᠭᠤᠬᠤ ᠶᠢ ᠴᠡᠬᠡᠷᠯᠡᠪᠡᠯ ᠵᠤᠬᠢᠨ᠎ᠠ | ᠃ ᠴᠠᠢ ᠶᠢ ᠶᠡᠭᠡ ᠤᠤᠭᠤᠪᠠᠯ ᠨᠦᠢᠷ ᠠᠯᠳᠠᠬᠤ ᠦᠵᠡᠭᠳᠡᠯ ᠢᠯᠡᠷᠡᠳᠡᠭ᠃ ᠶᠡᠷᠦ ᠨᠢ ᠶᠠᠮᠠᠷᠪᠠ ᠢᠳᠡᠬᠡᠨ ᠤᠮᠳᠠᠭᠠᠨ ᠬᠡᠰᠡᠨ ᠦᠬᠡᠢ ᠪᠦᠷ ᠬᠡᠳᠦᠷᠡᠳᠡᠯ᠎ᠡ ᠡᠳ᠋ᠯᠡᠵᠦ | ᠪᠤᠯᠬᠤ ᠦᠬᠡᠢ᠂ ᠵᠤᠬᠢᠰᠳᠠᠢ ᠬᠡᠷᠡᠭᠯᠡᠬᠦ ᠬᠡᠷᠡᠭᠳᠡᠢ᠃ | ᠮᠢᠬ᠎ᠠ ᠱᠦᠯᠥ ᠴᠤ ᠮᠠᠯᠴᠢᠳ ᠤᠨ ᠠᠮᠢᠳᠤᠷᠠᠯ ᠤᠨ ᠭᠤᠤᠯ ᠢᠳᠡᠬᠡᠨ ᠤ ᠲᠦᠷᠦᠯ ᠪᠤᠯᠵᠤ ᠪᠠᠶᠢᠳᠠᠭ ᠲᠤᠯᠠ ᠶᠠᠭᠠᠬᠢᠵᠤ ᠡᠳ᠋ᠯᠡᠪᠡᠯ ᠵᠤᠬᠢᠯᠳᠠᠢ ᠪᠤᠢ︖ | ᠮᠢᠬ᠎ᠠ ᠲᠤᠰᠤᠨ ᠳᠤ ᠤᠯᠠᠨ ᠵᠦᠢᠯ ᠤᠨ ᠰᠢᠮ᠎ᠡ ᠲᠡᠵᠢᠬᠡᠯ ᠠᠭᠤᠯᠤᠭᠳᠠᠵᠤ ᠪᠠᠶᠢᠳᠠᠭ ᠪᠤᠯᠪᠠᠴᠤ ᠮᠠᠨ ᠤ ᠵᠠᠷᠢᠮ ᠮᠠᠯᠴᠢᠳ ᠵᠤᠨ ᠬᠠᠪᠤᠷ ᠲᠠᠭᠠᠨ ᠬᠤᠷᠰᠢᠭᠰᠠᠨ | ᠮᠢᠬ᠎ᠠ ᠢᠳᠡᠵᠦ ᠪᠠᠶᠢᠳᠠᠭ ᠨᠢ ᠶᠡᠭᠡ ᠪᠤᠷᠤᠭᠤ᠂ ᠡᠨᠡ ᠨᠢ ᠬᠦᠮᠦᠨ ᠤ ᠰᠦᠰᠦ ᠡᠯᠢᠬᠡᠨ ᠤ ᠠᠵᠢᠯᠯᠠᠭ᠎ᠠ ᠶᠢ ᠨᠦᠯᠦᠭᠡᠯᠡᠳᠡᠭ᠃ ᠬᠤᠨᠢᠨ ᠮᠢᠬ᠎ᠠ ᠶᠢ ᠰᠡᠷᠢᠬᠦᠨ ᠴᠠᠭ ᠲᠤ | ᠢᠳᠡᠪᠡᠯ ᠪᠡᠶ᠎ᠡ ᠶᠢ ᠲᠦᠯᠵᠢᠭᠦᠯᠤᠨᠡ᠂ ᠦᠬᠡᠬᠦ ᠲᠤᠰᠤ ᠶᠢ ᠵᠤᠬᠢᠬᠤ ᠬᠡᠮᠵᠢᠶ᠎ᠡ ᠲᠠᠢ ᠢᠳᠡᠬᠦ ᠬᠡᠷᠡᠭᠳᠡᠢ᠃ ᠡᠰᠡ ᠲᠡᠶᠢᠮᠦ ᠪᠤᠯ ᠰᠢᠩᠭᠡᠭᠡᠯᠳᠡ ᠶᠢᠨ ᠠᠵᠢᠯᠯᠠᠭ᠎ᠠ ᠶᠢ | ᠶᠡᠬᠡᠳᠡ ᠨᠦᠯᠦᠭᠡᠯᠡᠵᠤ᠂ ᠴᠢᠰᠤ ᠶᠢ ᠦᠳᠬᠡᠷᠡᠬᠦᠯᠵᠦ᠂ ᠴᠢᠰᠤᠨ ᠲᠠᠷᠤᠯᠳᠠ ᠶᠢ ᠦᠨᠳᠦᠷ ᠪᠤᠯᠭᠠᠳᠠᠭ ᠲᠤᠯᠠ ᠦᠬᠡᠬᠦ ᠲᠤᠰᠤ ᠶᠢ ᠬᠡᠮᠵᠢᠶ᠎ᠡ ᠲᠠᠢ ᠡᠳ᠋ᠯᠡᠬᠦ ᠬᠡᠷᠡᠭᠳᠡᠢ᠃ | ᠴᠠᠭᠠᠨ ᠢᠳᠡᠭᠡ ᠮᠠᠯᠴᠢᠳ ᠤᠨ ᠠᠮᠢᠳᠤᠷᠠᠯ ᠳᠤ ᠲᠤᠳᠠᠭᠳᠠᠵᠤ ᠪᠤᠯᠤᠰᠢ ᠦᠬᠡᠢ ᠵᠦᠢᠯ ᠪᠠᠶᠢᠭ᠎ᠠ ᠤᠤ︖ | ᠭᠠᠰᠢᠯᠵᠤ ᠢᠰᠦᠭᠰᠡᠨ ᠰᠦ ᠰᠠᠭᠠᠯᠢ ᠶᠢ ᠡᠳ᠋ᠯᠡᠵᠦ ᠪᠤᠯᠬᠤ ᠦᠬᠡᠢ᠂ ᠡᠳᠦᠷ ᠲᠤ ᠨᠢᠬᠡ ᠴᠤᠮᠤ ᠪᠤᠶᠤ ᠲᠤᠭᠳᠠᠭᠰᠠᠨ ᠬᠡᠮᠵᠢᠶ᠎ᠡ ᠪᠠᠷ ᠰᠦ ᠤᠤᠭᠤᠪᠠᠯ ᠪᠡᠶ᠎ᠡ ᠶᠢ | ᠲᠠᠮᠢᠷᠵᠢᠭᠤᠯᠬᠤ ᠺᠠᠯᠼ ᠨᠦᠬᠦᠪᠦᠷᠢᠯᠡᠳᠡᠭ᠃ ᠤᠷᠢᠳᠤ ᠶᠢᠨ ᠬᠦᠮᠦᠰ ᠤᠨ ᠪᠡᠶ᠎ᠡ ᠮᠠᠬᠠᠪᠤᠳ ᠡᠷᠡᠬᠦᠯ ᠴᠢᠬᠢᠷᠠᠭ ᠪᠠᠶᠢᠳᠠᠭ ᠨᠢ ᠰᠦ ᠰᠠᠭᠠᠯᠢ ᠢᠯᠡᠬᠦᠦ ᠢᠳᠡᠭᠰᠡᠨ ᠲᠠᠢ | ᠬᠤᠯᠪᠤᠭ᠎ᠠ ᠲᠠᠢ᠃ | ᠨᠤᠭᠤᠭ᠎ᠠ ᠵᠢᠮᠢᠰ ᠢᠯᠡᠭᠦᠤ ᠢᠳᠡᠬᠦ ᠨᠢ ᠰᠢᠮ᠎ᠠ ᠲᠡᠵᠢᠬᠡᠯ ᠢ ᠨᠦᠬᠦᠪᠦᠷᠢᠯᠡᠬᠦ ᠳᠤ ᠰᠡᠶᠢᠨ ᠤᠤ︖ | ᠶᠠᠷᠢᠶᠠᠨ ᠦᠬᠡᠢ ᠰᠡᠶᠢᠨ᠂ ᠬᠡᠪᠡᠴᠦ ᠴᠡᠪᠡᠷ ᠠᠷᠢᠭᠤᠨ ᠢᠳᠡᠬᠦ ᠶᠢ ᠡᠷᠬᠢᠮᠯᠡᠬᠦ ᠬᠡᠷᠡᠭᠳᠡᠢ ᠪᠦᠬᠡᠳ ᠤᠯᠠᠨ ᠵᠦᠢᠯ ᠤᠨ ᠨᠤᠭᠤᠭ᠎ᠠ ᠶᠢ ᠬᠤᠯᠢᠵᠤ ᠢᠳᠡᠪᠡᠯ | ᠬᠠᠷᠰᠢ ᠲᠠᠢ ᠭᠡᠳᠡᠭ ᠢ ᠮᠡᠳᠡᠬᠦ ᠬᠡᠷᠡᠭᠳᠡᠢ᠃ ᠢᠯᠵᠢᠷᠡᠭᠰᠡᠨ ᠨᠤᠭᠤᠭ᠎ᠠ ᠪᠤᠶᠤ ᠬᠤᠯᠢᠵᠤ ᠢᠳᠡᠵᠦ ᠪᠤᠯᠬᠤ ᠦᠬᠡᠢ ᠨᠤᠭᠤᠭ᠎ᠠ ᠶᠢ ᠢᠳᠡᠪᠡᠯ ᠢᠳᠡᠬᠡᠨ ᠳᠤ | ᠬᠤᠤᠷᠳᠠᠭᠳᠠᠬᠤ ᠦᠵᠡᠭᠳᠡᠯ ᠭᠠᠷᠤᠨ᠎ᠠ᠂ ᠡᠬᠦᠨ ᠢ ᠪᠤᠯᠭᠤᠮᠵᠢᠯᠠᠵᠤ ᠴᠢᠳᠠᠪᠠᠯ ᠰᠢᠮ᠎ᠡ ᠲᠡᠵᠢᠭᠡᠯ ᠢ ᠨᠦᠬᠦᠪᠦᠷᠢᠯᠡᠵᠦ ᠴᠢᠳᠠᠨ᠎ᠠ᠃ | ᠮᠠᠯᠴᠢᠳ ᠶᠠᠮᠠᠷ ᠢᠳᠡᠬᠡᠨ ᠢ ᠢᠯᠡᠬᠦᠦ ᠢᠳᠡᠪᠡᠯ ᠪᠡᠶ᠎ᠡ ᠮᠠᠬᠠᠪᠤᠳ ᠤᠨ ᠡᠷᠡᠬᠦᠯ ᠴᠢᠬᠢᠷᠠᠭ ᠲᠤᠨᠢ ᠲᠤᠰᠠ ᠲᠠᠢ ᠪᠤᠢ︖ | ᠡᠨᠡ ᠪᠤᠯ ᠨᠢᠬᠡ ᠴᠢᠬᠤᠯᠠ ᠶᠠᠪᠤᠳᠠᠯ᠂ ᠪᠤᠳᠠᠳᠠᠢ ᠬᠡᠯᠡᠬᠦ ᠳᠤ ᠪᠡᠷᠬᠡ ᠲᠠᠢ᠃ ᠵᠠᠩᠭᠢᠯᠠᠭ᠎ᠠ ᠨᠢ ᠮᠠᠯᠴᠢᠳ ᠰᠢᠨ᠎ᠠ ᠰᠤᠷᠭᠤᠭ ᠢᠳᠡᠬᠡᠨ ᠤᠮᠳᠠᠭᠠᠨ ᠢ ᠤᠯᠵᠤ | ᠢᠳᠡᠬᠦ ᠲᠠᠯ᠎ᠠ ᠪᠠᠷ ᠲᠤᠳᠠᠮᠠᠭ ᠪᠠᠶᠢᠳᠠᠭ᠂ ᠬᠦᠢᠳᠡᠨ ᠬᠠᠯᠠᠭᠤᠨ ᠢ ᠵᠤᠬᠢᠴᠠᠭᠤᠯᠤᠨ ᠪᠡᠶ᠎ᠡ ᠶᠢᠨ ᠪᠠᠶᠢᠳᠠᠯ ᠠᠴᠠ ᠪᠠᠨ ᠡᠬᠦᠰᠴᠤ ᠬᠤᠪᠢ ᠬᠤᠪᠢᠨ ᠳᠠᠭᠠᠨ ᠢᠳᠡᠬᠡᠨ ᠢᠶᠠᠨ | ᠲᠤᠬᠢᠷᠠᠭᠤᠯᠪᠠᠯ ᠲᠠᠭᠠᠷᠠᠨ᠎ᠠ᠃ | ᠲᠠᠨ ᠤ ᠵᠠᠳᠠᠯᠤᠯᠳᠠ ᠪᠠᠷ ᠮᠠᠯᠴᠢᠳ ᠲᠤ ᠠᠯᠢ ᠲᠠᠯ᠎ᠠ ᠶᠢᠨ ᠰᠢᠮ᠎ᠠ ᠲᠡᠵᠢᠬᠡᠯ ᠲᠤᠳᠠᠭᠳᠠᠵᠤ ᠪᠠᠶᠢᠬᠤ ᠪᠠ ᠶᠠᠭᠠᠬᠢᠵᠤ ᠨᠦᠬᠦᠪᠦᠷᠢᠯᠡᠪᠡᠯ ᠵᠦᠢᠳᠡᠢ ᠪᠤᠢ︖ | ᠲᠤᠭᠳᠠᠭᠰᠠᠨ ᠬᠤᠭᠤᠴᠠᠭ᠎ᠠ ᠲᠠᠢ ᠪᠠᠷ ᠪᠡᠶ᠎ᠡ ᠪᠠᠨ ᠪᠠᠶᠢᠴᠠᠭᠠᠯᠭᠠᠬᠤ ᠨᠢ ᠴᠢᠬᠤᠯᠠ᠂ ᠤᠯᠠᠩᠭᠢ ᠡᠪᠡᠳᠴᠢᠨ ᠪᠤᠯ ᠰᠢᠮ᠎ᠠ ᠲᠡᠵᠢᠬᠡᠯ ᠤᠨ ᠡᠯᠧᠮᠧᠨ᠋ᠲ | ᠢᠯᠡᠬᠦᠳᠡᠭᠰᠡᠨ ᠪᠤᠶᠤ ᠲᠤᠳᠠᠭᠳᠠᠭᠰᠠᠨ ᠠᠴᠠ ᠪᠤᠯᠵᠤ ᠡᠬᠦᠰᠳᠡᠭ᠃ ᠶᠡᠷᠦ ᠨᠢ ᠬᠤᠭᠤᠯᠠᠨ ᠤ ᠪᠦᠲᠦᠴᠡ ᠪᠠᠨ ᠲᠤᠬᠢᠷᠠᠭᠤᠯᠵᠤ ᠢᠳᠡᠬᠦ ᠨᠢ ᠴᠢᠬᠤᠯᠠ᠂ ᠨᠢᠬᠡ | ᠵᠦᠢᠯ ᠤᠨ ᠢᠳᠡᠬᠡᠨ ᠢ ᠤᠳᠠᠭᠠᠨ ᠢᠳᠡᠬᠦ ᠶᠢ ᠴᠡᠬᠡᠷᠯᠡᠨ᠎ᠡ᠃ ᠨᠠᠰᠤᠳᠠᠶᠢᠴᠤᠳ ᠲᠤ ᠶᠡᠭᠡ ᠬᠡᠮᠵᠢᠶᠡᠨ ᠤ ᠺᠠᠯᠼ ᠲᠤᠳᠠᠭᠳᠠᠳᠠᠭ ᠪᠤᠯᠬᠤᠷ ᠶᠠᠰᠤᠨ ᠱᠦᠯᠦ ᠪᠠᠷ | ᠨᠦᠬᠦᠪᠦᠷᠢᠯᠡᠳᠡᠭ᠃ | ᠡᠳᠦᠷ ᠤᠨ ᠭᠤᠷᠪᠠᠨ ᠡᠷᠢᠨ ᠤ ᠬᠤᠭᠤᠯᠠ ᠪᠠᠨ ᠶᠠᠭᠠᠬᠢᠵᠤ ᠲᠤᠬᠢᠷᠠᠭᠤᠯᠪᠠᠯ ᠵᠦᠢᠳᠡᠢ ᠪᠤᠢ︖ ᠴᠠᠭ ᠤᠨ ᠬᠤᠪᠢᠶᠠᠷᠢᠯᠠᠯ ᠪᠠᠶᠢᠨ᠎ᠠ ᠤᠤ︖ | ᠶᠡᠷᠦ ᠨᠢ ᠮᠠᠯᠴᠢᠳ ᠠᠵᠢᠯ ᠦᠢᠯᠡᠰ ᠤᠨ ᠶᠠᠭᠠᠷᠠᠤ ᠴᠠᠭ ᠲᠠᠭᠠᠨ ᠬᠤᠭᠤᠯᠠ ᠪᠤᠳᠠᠭ᠎ᠠ ᠪᠠᠨ ᠲᠤᠭᠳᠠᠭᠰᠠᠨ ᠴᠠᠭ ᠲᠠᠭᠠᠨ ᠢᠳᠡᠵᠦ ᠠᠮᠵᠢᠬᠤ ᠦᠬᠡᠢ ᠪᠠᠶᠢᠳᠠᠭ᠃ | ᠡᠶᠢᠮᠦ ᠠᠴᠠ ᠦᠷᠯᠦᠭᠡ ᠳᠡᠭᠡᠨ ᠰᠡᠶᠢᠨ ᠢᠳᠡᠵᠦ᠂ ᠦᠳᠡ ᠳᠡᠭᠡᠨ ᠴᠠᠳᠳᠠᠯ᠎ᠠ ᠢᠳᠡᠵᠦ᠂ ᠤᠷᠤᠢ ᠳᠠᠭᠠᠨ ᠬᠦᠡᠭᠭᠡᠨ ᠬᠤᠭᠤᠯᠠ ᠢᠳᠡᠬᠦ ᠶᠢ ᠡᠷᠬᠢᠮᠯᠡᠬᠦ ᠬᠡᠷᠡᠭᠳᠡᠢ᠂ | ᠬᠠᠷᠢᠨ ᠪᠦᠲᠦᠨ ᠡᠳᠦᠷ ᠢᠶᠠᠷ ᠦᠯᠤᠨ ᠶᠠᠪᠤᠭᠠᠳ ᠤᠷᠤᠢ ᠳᠠᠭᠠᠨ ᠬᠡᠳᠦᠷᠡᠳᠡᠯ᠎ᠠ ᠢᠳᠡᠬᠦ ᠶᠢ ᠴᠡᠬᠡᠷᠯᠡᠬᠦ ᠬᠡᠷᠡᠭᠳᠡᠢ᠃ | ᠮᠠᠯᠴᠢᠳ ᠬᠤᠭᠤᠯᠠ ᠤᠮᠳᠠ ᠶᠢᠨ ᠲᠠᠯ᠎ᠠ ᠪᠠᠷ ᠦᠬᠡᠷ᠎ᠠ ᠶᠠᠮᠠᠷ ᠬᠢᠴᠢᠶᠡᠨ ᠪᠤᠯᠭᠤᠮᠵᠢᠯᠠᠬᠤ ᠵᠦᠢᠯ ᠪᠠᠶᠢᠭ᠎ᠠ ᠪᠤᠢ︖ | ᠦᠯᠤᠨ ᠢᠶᠠᠷ ᠠᠵᠢᠯ ᠳᠠᠭᠠᠨ ᠶᠠᠭᠠᠷᠠᠭᠠᠳ᠂ ᠬᠦᠢᠳᠡᠨ ᠪᠤᠶᠤ ᠬᠤᠨᠤᠵᠤ ᠦᠨᠵᠢᠭᠰᠡᠨ ᠬᠤᠭᠤᠯᠠ ᠢᠳᠡᠬᠦ ᠶᠢ ᠴᠡᠬᠡᠷᠯᠡᠵᠦ᠂ ᠲᠤᠭᠳᠠᠭᠰᠠᠨ ᠴᠠᠭ ᠲᠠᠭᠠᠨ | ᠬᠤᠭᠤᠯᠠ ᠪᠠᠨ ᠢᠳᠡᠬᠦ ᠬᠡᠷᠡᠭᠳᠡᠢ᠃ ᠠᠷᠢᠬᠢ ᠲᠠᠷᠠᠰᠤ ᠶᠢ ᠡᠳᠦᠷ ᠲᠠᠷᠠᠭᠠᠯᠠᠨ ᠤᠤᠭᠤᠬᠤ ᠶᠢ ᠴᠡᠬᠡᠷᠯᠡᠵᠦ᠂ ᠨᠡᠩ ᠢᠰᠦᠵᠦ ᠭᠠᠰᠢᠯᠤᠭᠰᠠᠨ ᠢᠳᠡᠬᠡᠨ ᠢ ᠴᠡᠬᠡᠷᠯᠡᠬᠦ | ᠬᠡᠷᠡᠭᠳᠡᠢ᠃ ᠡᠨᠡ ᠨᠢ ᠬᠤᠳᠤᠭᠤᠳᠤ᠂ ᠰᠢᠩᠭᠡᠭᠡᠯᠳᠡ ᠶᠢᠨ ᠠᠵᠢᠯᠯᠠᠭ᠎ᠠ ᠶᠢ ᠨᠦᠯᠦᠭᠡᠯᠡᠵᠤ ᠡᠪᠡᠳᠴᠢᠨ ᠡᠮᠬᠡᠭ ᠢ ᠠᠮᠠᠷᠬᠠᠨ ᠡᠬᠦᠰᠬᠡᠳᠡᠭ ᠲᠤᠯᠠ ᠮᠠᠯᠴᠢᠳ ᠮᠠᠨᠢ | ᠬᠤᠭᠤᠯᠠ ᠤᠮᠳᠠ ᠪᠠᠨ ᠰᠢᠨᠵᠢᠯᠡᠬᠦ ᠤᠬᠠᠭᠠᠨᠴᠢ ᠪᠠᠷ ᠲᠤᠬᠢᠷᠠᠭᠤᠯᠬᠤ ᠶᠢ ᠠᠩᠬᠠᠷᠪᠠᠯ ᠵᠤᠬᠢᠨ᠎ᠠ᠃ | | | |