ᠮᠠᠨ ᠤ ᠬᠤᠳᠠ ᠳᠤ ᠰᠢᠨ᠎ᠡ ᠡᠨᠧᠷᠬᠢ ᠶᠢᠨ ᠮᠠᠰᠢᠨ ᠲᠡᠷᠬᠡᠨ ᠤ ᠨᠤᠮᠧᠷ ᠤᠨ ᠫᠠᠶᠢᠰᠠ ᠶᠢ ᠥᠪᠡᠰᠤᠪᠡᠨ ᠥᠢᠯᠡᠳᠴᠤ ᠳᠠᠶᠢᠯᠭᠦ ᠪᠤᠯᠤᠯ᠎ᠠ
ᠨᠡᠶᠢᠲᠡᠯᠡᠭᠰᠡᠨ ᠴᠠᠭ᠄
2023/7/13
       ᠮᠠᠰᠢᠨ ᠳᠡᠷᠬᠡᠨ ᠤ ᠬᠠᠮᠢᠶᠠᠷᠤᠯᠳᠠ ᠶᠢᠨ ᠠᠷᠠᠳ ᠲᠤ ᠲᠥᠬᠦᠮ ᠥᠵᠡᠬᠦᠯᠵᠤ ᠠᠵᠤ ᠠᠬᠤᠶᠢᠯᠠᠯ ᠳᠤ ᠠᠰᠢᠭ ᠬᠥᠷᠳᠡᠬᠡᠬᠦ ᠥᠬᠡᠷᠡᠴᠢᠯᠡᠯᠳᠡ ᠶᠢ ᠤᠯᠠᠮ ᠨᠢᠬᠡ ᠠᠯᠬᠤᠮ ᠬᠥᠨᠵᠡᠬᠡᠶᠢᠷᠡᠬᠦᠯᠤᠨ᠂ ᠰᠢᠨ᠎ᠡ ᠡᠨᠧᠷᠬᠢ ᠶᠢᠨ ᠮᠠᠰᠢᠨ ᠳᠡᠷᠬᠡ ᠶᠢ ᠳᠡᠯᠬᠡᠷᠡᠬᠦᠯᠤᠨ ᠬᠡᠷᠡᠭᠯᠡᠬᠦ ᠳᠤ ᠬᠥᠴᠤᠨ ᠨᠡᠮᠡᠷᠢᠯᠡᠬᠦ ᠶᠢᠨ ᠲᠦᠯᠦᠭᠡ᠂ ᠬᠤᠳᠠ ᠶᠢᠨ ᠵᠠᠮ ᠬᠠᠷᠢᠯᠴᠠᠭᠠᠨ ᠤ ᠬᠠᠮᠢᠶᠠᠷᠤᠯᠳᠠ ᠶᠢᠨ ᠰᠠᠯᠪᠤᠷᠢ ᠠᠩᠬᠢ ᠶᠢᠨ ᠮᠠᠰᠢᠨ ᠳᠡᠷᠭᠡᠨ ᠤ ᠬᠠᠮᠢᠶᠠᠷᠤᠯᠳᠠ ᠶᠢᠨ ᠭᠠᠵᠠᠷ ᠡᠩ ᠲᠡᠷᠢᠬᠦᠨ ᠳᠤ ᠤᠯᠤᠰ ᠤᠨ ᠳᠤᠳᠤᠭᠠᠳᠤ ᠶᠢᠨ ᠠᠩᠬᠠᠳᠤᠭᠠᠷ ᠪᠦᠯᠦᠭ ᠤᠨ ᠰᠢᠨ᠎ᠡ  ᠡᠨᠧᠷᠬᠢ ᠶᠢᠨ ᠮᠠᠰᠢᠨ ᠲᠡᠷᠭᠡᠨ ᠤ ᠨᠤᠮᠧᠷ ᠤᠨ ᠫᠠᠶᠢᠰᠠ ᠶᠢ ᠥᠪᠡᠰᠤᠪᠡᠨ ᠥᠢᠯᠡᠳᠭᠦ ᠲᠥᠬᠦᠬᠡᠷᠤᠮᠵᠢ ᠶᠢ ᠤᠷᠤᠭᠤᠯᠤᠨ ᠠᠪᠴᠢᠷᠠᠵᠤ᠂ 2023 ᠤᠨ ᠤ 6 ᠰᠠᠷ᠎ᠠ ᠶᠢᠨ 30᠎ ᠤ ᠡᠳᠥᠷ ᠠᠴᠠ ᠡᠬᠢᠯᠡᠨ ᠰᠢᠨ᠎ᠡ ᠡᠨᠧᠷᠬᠢ ᠶᠢᠨ ᠮᠠᠰᠢᠨ ᠳᠡᠷᠬᠡᠨ ᠤ ᠨᠤᠮᠧᠷ ᠤᠨ ᠫᠠᠶᠢᠰᠠ ᠶᠢ ᠲᠡᠷᠡ ᠳᠠᠷᠤᠢ ᠳᠤᠨᠢ ᠭᠤᠶᠤᠴᠢᠯᠠᠨ ᠠᠪᠬᠤ ᠶᠢ ᠪᠡᠶᠡᠯᠡᠬᠦᠯᠪᠡ᠃       ᠡᠨᠡ ᠬᠦ ᠰᠢᠨ᠎ᠡ ᠡᠨᠧᠷᠬᠢ ᠶᠢᠨ ᠫᠠᠶᠢᠰᠠ ᠥᠢᠯᠡᠳᠭᠦ ᠪᠥᠷᠢᠨ ᠠᠦ᠋ᠲ᠋ᠤ᠋ ᠮᠠᠰᠢᠨ ᠢ 6 ᠰᠠᠷ᠎ᠠ ᠶᠢᠨ 30᠎ ᠤ ᠡᠳᠥᠷ ᠠᠴᠠ ᠡᠬᠢᠯᠡᠨ ᠬᠡᠷᠡᠭᠯᠡᠵᠤ᠂ ᠠᠵᠢᠯᠯᠠᠬᠤ ᠶᠠᠪᠤᠴᠠ ᠨᠢ ᠲᠥᠬᠦᠮ ᠲᠥᠳᠡ ᠪᠥᠬᠡᠳ ᠲᠥᠷᠬᠡᠨ ᠪᠠᠶᠢᠵᠤ ᠳᠡᠷᠬᠡᠨ ᠤ ᠡᠵᠡᠳ ᠤᠨ ᠰᠠᠶᠢᠨ ᠥᠨᠡᠯᠡᠯᠳᠡ ᠶᠢ ᠤᠯᠵᠠᠢ᠃ ᠥᠡᠭᠬᠡᠷᠡᠭᠰᠡᠨ ᠳᠤ ᠳᠤᠬᠠᠢ ᠶᠢᠨ ᠭᠠᠵᠠᠷ ᠲᠠᠭᠠᠨ ᠰᠢᠨ᠎ᠡ ᠡᠨᠧᠷᠬᠢ ᠶᠢᠨ ᠮᠠᠰᠢᠨ ᠳᠡᠷᠬᠡᠨ ᠤ ᠨᠤᠮᠧᠷ ᠤᠨ ᠫᠠᠶᠢᠰᠠ ᠶᠢ ᠥᠢᠯᠡᠳᠴᠤ ᠳᠠᠶᠢᠯᠭᠦ ᠥᠬᠡᠢ᠂ ᠬᠥᠬᠡᠬᠤᠳᠠ ᠳᠤ ᠥᠢᠯᠡᠳᠤᠨ ᠭᠠᠷᠭᠠᠭᠰᠠᠨ ᠤ ᠳᠠᠷᠠᠭ᠎ᠠ ᠰᠢᠨ᠎ᠡ ᠡᠨᠧᠷᠬᠢ ᠶᠢᠨ ᠮᠠᠰᠢᠨ ᠲᠡᠷᠬᠡᠨ ᠤ ᠡᠵᠡᠨ ᠤ ᠭᠠᠷ ᠲᠤ ᠢᠯᠡᠬᠡᠳᠡᠭ ᠪᠠᠶᠢᠵᠠᠢ᠃ ᠭᠡᠷᠡᠭᠯᠡᠭᠴᠢ ᠨᠢᠬᠡ ᠭᠠᠷᠠᠭ ᠤᠷᠴᠢᠮ ᠬᠥᠯᠢᠶᠡᠮᠡᠨᠵᠢᠨ ᠰᠠᠶ᠋ᠢ ᠨᠤᠮᠧᠷ ᠤᠨ ᠫᠠᠶᠢᠰᠠ ᠪᠠᠨ ᠤᠯᠳᠠᠭ᠃ ᠡᠨᠡ ᠬᠦ ᠮᠠᠰᠢᠨ ᠲᠠᠢ ᠪᠤᠯᠤᠭᠰᠠᠨ ᠠᠴᠠ ᠬᠤᠶᠢᠰᠢ ᠬᠤᠳᠠ ᠶᠢᠨ ᠠᠷᠠᠳ ᠪᠡᠶ᠎ᠡ ᠶᠢᠨ ᠥᠨᠡᠮᠯᠡᠯ ᠢᠶᠠᠨ ᠰᠢᠷᠪᠢᠨ᠂ ᠵᠢᠰᠤ ᠪᠠᠨ ᠢᠯᠭᠠᠨ ᠳᠠᠨᠢᠭᠤᠯᠪᠠᠯ ᠪᠠᠷᠤᠭ ᠭᠤᠷᠪᠠᠨ ᠮᠢᠨᠦ᠋ᠲ ᠤᠨ ᠳᠤᠳᠤᠷ᠎ᠠ ᠨᠤᠮᠧᠷ ᠤᠨ ᠫᠠᠶᠢᠰᠠ ᠪᠠᠨ ᠤᠯᠵᠤ ᠳᠠᠶᠢᠯᠭᠦ ᠪᠤᠯᠤᠭᠰᠠᠨ ᠪᠠᠶᠢᠨ᠎ᠠ᠃       ᠳᠠᠷᠠᠭᠠᠴᠢ ᠶᠢᠨ ᠠᠯᠬᠤᠮ ᠳᠤ᠂ ᠬᠤᠳᠠ ᠶᠢᠨ ᠵᠠᠮ ᠬᠠᠷᠢᠯᠴᠠᠭᠠᠨ ᠤ ᠬᠠᠮᠢᠶᠠᠷᠤᠯᠳᠠ ᠶᠢᠨ ᠰᠠᠯᠪᠤᠷᠢ ᠠᠩᠬᠢ ᠶᠢᠨ ᠮᠠᠰᠢᠨ ᠳᠡᠷᠬᠡᠨ ᠤ ᠬᠠᠮᠢᠶᠠᠷᠤᠯᠳᠠ ᠶᠢᠨ ᠭᠠᠵᠠᠷ ᠤᠨ ᠬᠢᠨ ᠥᠷᠬᠦᠯᠵᠢᠯᠡᠨ ᠭᠥᠭᠵᠢᠯᠳᠠ ᠶᠢᠨ ᠬᠡᠷᠡᠭᠴᠡᠭᠡ ᠳᠤ ᠠᠩᠬᠠᠷᠤᠯ ᠢᠶᠠᠨ ᠲᠥᠪᠯᠡᠷᠡᠬᠦᠯᠵᠤ᠂ ᠤᠯᠠᠨ ᠲᠥᠮᠡᠨ ᠤ ᠬᠥᠰᠡᠯ ᠱᠠᠭᠠᠷᠳᠠᠯᠭ᠎ᠠ ᠶᠢ ᠬᠠᠨᠭ᠍ᠭᠠᠵᠤ᠂ ᠪᠤᠳᠠᠲᠠᠢ ᠶᠢ ᠡᠷᠬᠢᠮᠯᠡᠭᠰᠡᠨ᠂ ᠠᠷᠠᠳ ᠲᠤ ᠠᠰᠢᠭ ᠬᠥᠷᠳᠡᠬᠡᠬᠦ ᠨᠡᠩ ᠤᠯᠠᠨ ᠠᠷᠭ᠎ᠠ ᠬᠡᠮᠵᠢᠶ᠎ᠡ ᠶᠢ ᠰᠥᠪᠡᠭᠴᠢᠯᠡᠵᠤ᠂ ᠰᠢᠨ᠎ᠡ ᠡᠨᠧᠷᠬᠢ ᠶᠢᠨ ᠨᠤᠮᠧᠷ ᠤᠨ ᠫᠠᠶᠢᠰᠠ ᠥᠢᠯᠡᠳᠭᠦ ᠮᠠᠰᠢᠨ ᠢ ᠪᠥᠭᠦ ᠬᠤᠳᠠ ᠶᠢᠨ ᠬᠡᠪᠴᠢᠶᠡᠨ ᠳᠤ ᠠᠯᠬᠤᠮ ᠠᠯᠬᠤᠮ ᠢᠶᠠᠷ ᠳᠡᠯᠬᠡᠷᠡᠬᠦᠯᠭᠦ ᠪᠠᠷ ᠪᠤᠢ᠃     
ᠢᠷᠡᠯᠲᠡ᠄ ᠤᠷᠳᠤᠰ ᠤᠨ ᠡᠳᠤᠷ ᠤᠨ ᠰᠤᠨᠢᠨ