ᠮᠠᠯ ᠡᠮᠨᠡᠯᠭᠡ ᠶᠢᠨ ᠮᠡᠷᠭᠡᠵᠢᠯᠳᠡᠨ — ᠬᠠᠰᠰᠦ᠋ᠷᠦᠩ
ᠨᠡᠶᠢᠲᠡᠯᠡᠭᠰᠡᠨ ᠴᠠᠭ᠄
2023/7/17
    ᠬᠠᠰᠰᠦ᠋ᠷᠦᠩ᠂ ᠦᠪᠤᠷ ᠮᠤᠩᠭᠤᠯ ᠤᠨ ᠳᠠᠷᠢᠶᠠᠯᠠᠩ ᠤᠨ ᠶᠡᠭᠡ ᠰᠤᠷᠭᠠᠭᠤᠯᠢ ᠶᠢᠨ ᠫᠷᠤᠹᠧᠰᠰᠤᠷ᠂ ᠳ᠋ᠤᠺᠲ᠋ᠤᠷ᠂ ᠳ᠋ᠤᠺᠲ᠋ᠤᠷᠠᠨᠲ ᠤᠨ ᠵᠢᠯᠤᠭᠤᠳᠤᠬᠴᠢ ᠪᠠᠭᠰᠢ᠃ 1992 ᠤᠨ ᠳᠤ ᠦᠪᠤᠷ ᠮᠤᠩᠭᠤᠯ ᠤᠨ ᠳᠠᠷᠢᠶᠠᠯᠠᠩ ᠮᠠᠯ ᠠᠵᠤ ᠠᠬᠤᠢ ᠶᠢᠨ ᠳᠡᠬᠡᠳᠦ ᠰᠤᠷᠭᠠᠭᠤᠯᠢ ᠶᠢᠨ ᠮᠢᠺᠷᠤᠪ ᠰᠤᠳᠤᠯᠤᠯ ᠪᠠ ᠢᠮᠤᠨ ᠵᠦᠢ ᠶᠢᠨ ᠮᠡᠷᠬᠡᠵᠢᠯ ᠢᠶᠠᠷ ᠮᠠᠰᠲ᠋ᠧᠷ ᠴᠤᠯᠠ ᠬᠠᠮᠠᠭᠠᠯᠠᠵᠤ᠂ 2004 ᠤᠨ ᠳᠤ ᠳᠤᠮᠳᠠᠳᠤ ᠤᠯᠤᠰ ᠤᠨ ᠳᠠᠷᠢᠶᠠᠯᠠᠩ ᠤᠨ ᠶᠡᠭᠡ ᠰᠤᠷᠭᠠᠭᠤᠯᠢ ᠳᠤ ᠮᠠᠯ ᠤᠨ ᠫᠠᠷᠠᠽᠢᠲ ᠬᠤᠷᠤᠬᠠᠢ  ᠶᠢᠨ ᠡᠪᠡᠳᠴᠢᠨ ᠵᠢᠴᠢ ᠰᠡᠷᠬᠡᠶᠢᠯᠡᠬᠦ ᠰᠤᠳᠤᠯᠭᠠᠨ ᠤ ᠴᠢᠭᠯᠡᠯ ᠢᠶᠠᠷ ᠳ᠋ᠤᠺᠲ᠋ᠤᠷ ᠴᠤᠯᠠ ᠬᠠᠮᠠᠭᠠᠯᠠᠵᠠᠢ᠃ ᠬᠤᠵᠢᠮ ᠨᠢ ᠪᠧᠯᠬᠢ ᠤᠯᠤᠰ ᠤᠨ  ᠯᠦᠸᠧᠨ ᠶᠡᠭᠡ ᠰᠤᠷᠭᠠᠭᠤᠯᠢ᠂ ᠹᠠᠷᠠᠨᠽᠢ ᠤᠯᠤᠰ ᠤᠨ LCH ᠳᠤᠷᠰᠢᠯᠳᠡ ᠶᠢᠨ ᠳᠦᠪ ᠪᠠ ᠠᠮᠧᠷᠢᠺᠡ ᠤᠯᠤᠰ ᠤᠨ ᠲᠧᠺᠰᠠᠰ ᠤᠨ ᠳᠠᠷᠢᠶᠠᠯᠠᠩ ᠦᠢᠯᠡᠳᠪᠦᠷᠢ ᠶᠢᠨ ᠶᠡᠭᠡ ᠰᠤᠷᠭᠠᠭᠤᠯᠢ ᠳᠤ ᠫᠤᠰᠲ ᠳ᠋ᠤᠺᠲ᠋ᠤᠷ ᠪᠠ ᠠᠶᠢᠯᠴᠢᠯᠡᠨ ᠰᠤᠳᠤᠯᠤᠬᠴᠢ ᠪᠠᠷ ᠰᠤᠷᠤᠯᠴᠠᠵᠤ ᠠᠵᠢᠯᠯᠠᠵᠠᠢ᠃
default2023-06-08-1526d743a8-3145-4e41-867e-0478a3dcb042.jpg
default2023-06-08-15c6fd4679-c4c6-4f6c-8a62-e90559a6de04.jpg
default2023-06-08-15dbed6422-2675-4cb0-91d5-44b9bba70ef8.jpg
  ᠬᠠᠰᠰᠦ᠋ᠷᠦᠩ ᠳ᠋ᠤᠺᠲ᠋ᠤᠷ ᠪᠤᠯ ᠤᠯᠤᠰ ᠤᠨ ᠳᠠᠷᠢᠶᠠᠯᠠᠩ ᠬᠦᠳᠡᠭᠡ ᠳᠤᠰᠬᠤᠨ ᠤ ᠶᠠᠮᠤᠨ ᠤ ᠵᠢᠷᠭᠤᠳᠤᠭᠠᠷ ᠬᠤᠭᠤᠴᠠᠭᠠᠨ ᠤ ᠮᠠᠯ ᠤᠨ ᠡᠮ ᠤᠨ ᠬᠢᠨᠠᠯᠳᠠ ᠶᠢᠨ ᠡᠷᠳᠡᠮᠳᠡᠨ᠂ ᠳᠤᠮᠳᠠᠳᠤ ᠤᠯᠤᠰ ᠤᠨ ᠬᠤᠤᠰ ᠪᠦᠬᠦᠳᠤ ᠳᠡᠮᠡᠭᠡ ᠰᠤᠳᠤᠯᠭᠠᠨ ᠤ ᠨᠡᠶᠢᠬᠡᠮᠯᠢᠭ ᠤᠨ ᠳᠡᠳ᠋ ᠳᠡᠷᠢᠬᠦᠯᠡᠭᠴᠢ᠂ ᠦᠪᠤᠷ ᠮᠤᠩᠭᠤᠯ ᠤᠨ ᠳᠡᠮᠡᠬᠡᠨ ᠤ ᠡᠷᠳᠡᠮ ᠰᠢᠨᠵᠢᠯᠡᠬᠡᠨ ᠤ ᠬᠤᠯᠪᠤᠭᠠᠨ ᠤ ᠳᠡᠷᠢᠬᠦᠯᠡᠭᠴᠢ᠂ ᠳᠤᠮᠳᠠᠳᠤ ᠤᠯᠤᠰ ᠤᠨ ᠮᠠᠯ ᠤᠨ ᠡᠮ ᠵᠦᠢ ᠪᠠ ᠬᠤᠤᠷ ᠵᠦᠢ ᠶᠢᠨ ᠨᠡᠶᠢᠬᠡᠮᠯᠢᠭ ᠤᠨ ᠪᠠᠶᠢᠡᠭᠭᠤ ᠶᠢᠨ ᠬᠡᠷᠡᠭ ᠡᠷᠬᠢᠯᠡᠭᠴᠢ᠂ ᠠᠮᠧᠷᠢᠺᠡ᠂ ᠹᠷᠠᠨᠽᠢ᠂ ᠭᠧᠷᠮᠠᠨ᠂ ᠤᠷᠤᠰ᠂ ᠺᠠᠽᠠᠬᠰᠲ᠋ᠠᠨ᠂ ᠮᠤᠷᠤᠺᠺᠦ ᠵᠡᠷᠬᠡ ᠤᠯᠠᠨ ᠤᠯᠤᠰ ᠤᠨ ᠡᠷᠳᠡᠮ ᠰᠢᠨᠵᠢᠯᠡᠬᠡᠨ ᠤ ᠬᠤᠷᠡᠯ ᠴᠤᠬᠯᠠᠭᠠᠨ ᠳᠤ ᠤᠷᠤᠯᠴᠠᠵᠤ᠂ ᠶᠠᠷᠢᠶ᠎ᠡ ᠢᠯᠡᠳᠬᠡᠯ ᠬᠢᠵᠤ ᠦᠬᠦᠯᠡᠯ ᠰᠤᠯᠢᠯᠴᠠᠬᠰᠠᠨ ᠪᠠᠶᠢᠨ᠎ᠠ᠃
default2023-06-08-55ffdcf160-bbd8-46bf-a5f3-9ec7d17ad80d.jpg
default2023-06-08-55101ea5d2-a054-4a6b-ad59-0ce7ae80c79d.jpg
default2023-06-08-553d216d95-cc64-48e9-b19c-17e412527e89.jpg
default2023-06-08-55c0411a93-1fa6-4cff-966e-34da43faa47d.jpg
    ᠬᠠᠰᠰᠦ᠋ᠷᠦᠩ ᠳ᠋ᠤᠺᠲ᠋ᠤᠷ ᠮᠤᠩᠭᠤᠯ᠂ ᠬᠢᠳᠡᠳ᠂ ᠠᠩᠭ᠍ᠯᠢ ᠭᠤᠷᠪᠡᠨ ᠬᠡᠯᠡ ᠪᠠᠷ ᠨᠡᠶᠢᠳᠡ 19 ᠪᠤᠳᠢ ᠨᠤᠮ ᠡᠷᠬᠢᠯᠡᠨ ᠨᠠᠶᠢᠷᠠᠭᠤᠯᠤᠬᠰᠠᠨ ᠪᠠ ᠤᠷᠤᠯᠴᠠᠨ ᠨᠠᠶᠢᠷᠠᠭᠤᠯᠵᠤ᠂ ᠤᠷᠳ ᠬᠤᠵᠢᠳ ᠨᠡᠶᠢᠳᠡ 16 ᠰᠤᠳᠤᠯᠭᠠᠨ ᠤ ᠳᠦᠰᠤᠯ ᠳᠤ ᠤᠷᠤᠯᠴᠠᠵᠤ᠂ ᠤᠯᠤᠰ ᠤᠨ ᠳᠤᠳᠤᠭᠠᠳᠤ ᠭᠠᠳᠠᠭᠠᠳᠤ ᠶᠢᠨ ᠡᠷᠳᠡᠮ ᠰᠢᠨᠵᠢᠯᠡᠬᠡᠨ ᠤ ᠰᠡᠳᠬᠦᠯ ᠳᠤ ᠨᠡᠶᠢᠳᠡ 130 ᠭᠠᠷᠤᠢ ᠦᠬᠦᠯᠡᠯ ᠨᠡᠶᠢᠳᠡᠯᠡᠭᠦᠯᠦᠭᠰᠡᠨ ᠪᠦᠬᠡᠳ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠰᠢᠨᠵᠢᠯᠡᠭᠡ ᠮᠡᠷᠭᠡᠵᠢᠯ ᠤᠨ ᠳᠠᠪᠰᠢᠯᠳᠡ ᠶᠢᠨ ᠭᠤᠷᠪᠠᠳᠤᠭᠠᠷ ᠳᠡᠰ ᠤᠨ ᠱᠠᠩᠨᠠᠯ ᠢ 3 ᠤᠳᠠᠭ᠎ᠠ ᠭᠠᠷᠳᠡᠵᠡᠢ᠃ ᠳᠡᠷᠡ ᠪᠠᠷ ᠤᠷᠤᠨ ᠤ ᠳᠡᠰ ᠤᠨ ᠰᠢᠯᠢᠳᠡᠭ ᠮᠡᠷᠬᠡᠵᠢᠯ ᠲᠦᠭᠡᠮᠡᠯᠵᠢᠭᠦᠯᠦᠭᠴᠢ᠂ ᠰᠤᠷᠭᠠᠭᠤᠯᠢ ᠶᠢᠨ ᠳᠡᠰ ᠤᠨ ᠨᠡᠷ᠎ᠡ ᠬᠦᠨᠳᠦᠳᠦ ᠪᠠᠭᠰᠢ᠂ ᠰᠢᠯᠢᠳᠡᠭ ᠰᠤᠷᠭᠠᠨ ᠬᠦᠮᠤᠵᠢᠭᠦᠯᠦᠭᠴᠢ ᠪᠠ ᠰᠢᠯᠢᠳᠡᠭ ᠡᠪ ᠬᠠᠮᠳᠤ ᠨᠠᠮ ᠤᠨ ᠬᠡᠰᠢᠬᠦᠨ ᠵᠡᠷᠬᠡ ᠢᠷᠠᠭᠤ ᠠᠯᠳᠠᠷ ᠤᠨ ᠴᠤᠯᠠ ᠶᠢ ᠤᠯᠠᠨ ᠤᠳᠠᠭ᠎ᠠ ᠬᠦᠷᠳᠡᠵᠡᠢ᠃ 2000 ᠤᠨ ᠠᠴᠠ ᠬᠤᠶᠢᠰᠢ ᠦᠪᠤᠷ ᠮᠤᠩᠭᠤᠯ ᠤᠨ ᠡᠯ᠎ᠡ ᠭᠠᠵᠠᠷ ᠤᠷᠤᠨ ᠢᠶᠠᠷ ᠮᠠᠯ ᠤᠨ ᠡᠪᠡᠳᠴᠢᠨ ᠬᠢᠵᠢᠭ ᠪᠠᠶᠢᠴᠠᠭᠠᠨ ᠰᠢᠨᠵᠢᠯᠡᠬᠦ ᠰᠤᠳᠤᠯᠭᠠᠨ ᠬᠢᠬᠦ ᠶᠢᠨ ᠬᠠᠮᠳᠤ ᠦᠷᠬᠡᠨ ᠤᠯᠠᠨ ᠮᠠᠯᠴᠢᠨ ᠳᠦᠮᠡᠨ ᠳᠤ ᠵᠤᠷᠢᠭᠤᠯᠤᠬᠰᠠᠨ ᠮᠠᠯ ᠡᠮᠨᠡᠯᠬᠡ ᠮᠠᠯ ᠠᠵᠤ ᠠᠬᠤᠢ ᠶᠢᠨ ᠬᠡᠷᠡᠭᠯᠡᠬᠡᠨ ᠤ ᠮᠡᠷᠬᠡᠵᠢᠯ ᠤᠨ ᠶᠠᠷᠢᠶ᠎ᠡ ᠢᠯᠡᠳᠬᠡᠯ ᠢ ᠬᠤᠶᠡᠷ ᠵᠠᠭᠤ ᠭᠠᠷᠤᠢ ᠤᠳᠠᠭ᠎ᠠ ᠬᠢᠵᠤ᠂ ᠮᠠᠨ ᠤ ᠤᠷᠤᠨ ᠤ ᠰᠢᠨᠵᠢᠯᠡᠬᠦ ᠤᠬᠠᠭᠠᠨᠴᠢ ᠪᠠᠷ ᠮᠠᠯ ᠠᠵᠤ ᠠᠬᠤᠢ ᠡᠷᠬᠢᠯᠡᠬᠦ ᠦᠢᠯᠡᠰ ᠲᠤ ᠪᠠᠭ᠎ᠠ ᠪᠤᠰᠤ ᠬᠤᠪᠢ ᠨᠡᠮᠡᠷᠢ ᠦᠵᠡᠬᠦᠯᠵᠡᠢ᠃
default2023-06-08-18cfb96259-9a3f-42a4-ac73-26d0630e96eb.jpg
default2023-06-08-182d158251-5e16-4c9d-8d7e-a15f03f56413.jpg
default2023-06-08-183f500caf-8fd6-42e1-941c-687b743c58c2.jpg
ᠢᠷᠡᠯᠲᠡ᠄ ᠣᠷᠳᠣᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ