ᠡᠯᠡᠰᠦ ᠮᠠᠩᠬᠠᠨ ᠳᠤ ᠵᠣᠬᠢᠴᠠᠬᠤ ᠤᠷᠭᠤᠮᠠᠯ — ᠪᠤᠷᠭᠠᠰᠤ
ᠨᠡᠶᠢᠲᠡᠯᠡᠭᠰᠡᠨ ᠴᠠᠭ᠄
2023/8/16
      ᠪᠤᠷᠭᠠᠰᠤ ᠪᠣᠯ ᠡᠯᠡᠰᠦ ᠮᠠᠩᠬ᠎ᠠ ᠲᠠᠢ ᠭᠠᠵᠠᠷ ᠤᠷᠭᠤᠳᠠᠭ ᠪᠤᠲᠠᠯᠢᠭ ᠤᠷᠭᠤᠮᠠᠯ ᠮᠥᠨ᠃ ᠲᠡᠷᠡ ᠨᠢ ᠬᠤᠵᠢᠷᠯᠢᠭ ᠭᠠᠵᠠᠷ ᠲᠤ ᠵᠣᠬᠢᠴᠠᠬᠤ ᠴᠢᠨᠠᠷ ᠢᠶᠠᠷ ᠰᠠᠶᠢᠨ᠂ ᠨᠣᠶᠢᠲᠠᠨ ᠴᠢᠬᠢᠭᠯᠢᠭ᠂ ᠭᠠᠩ ᠬᠠᠭᠰᠠᠷᠠᠭ᠎ᠠ ᠳᠤ ᠲᠡᠰᠪᠦᠷᠢᠲᠡᠢ᠂ ᠡᠯᠡᠰᠦᠨ ᠳᠤ ᠳᠠᠷᠤᠭᠳᠠᠬᠤ ᠠᠴᠠ ᠠᠶᠤᠬᠤ ᠦᠭᠡᠢ᠂ ᠤᠰᠤᠨ ᠤ ᠲᠦᠪᠰᠢᠨ ᠳᠡᠭᠡᠷ᠎ᠡ ᠰᠢᠭ᠂ ᠭᠤᠳᠣᠭᠤᠷ ᠭᠠᠵᠠᠷ ᠲᠤ ᠴᠦ ᠲᠠᠷᠢᠵᠦ ᠵᠣᠬᠢᠴᠠᠳᠠᠭ᠃       ᠡᠯᠡᠰᠦᠨ ᠪᠤᠷᠭᠠᠰᠤᠨ ᠤ ᠤᠷᠭᠤᠴᠠ ᠨᠢ ᠲᠦᠷᠭᠡᠨ᠂ ᠵᠠᠶᠢᠯᠠᠭᠰᠠᠨ ᠵᠢᠯ ᠳᠡᠭᠡᠨ ᠤᠷᠭᠤᠭᠠᠳ ᠮᠧᠲᠷ ᠭᠠᠷᠤᠢ ᠥᠨᠳᠥᠷ ᠪᠣᠯᠳᠠᠭ᠃ ᠰᠠᠯᠬᠢᠨ ᠢ ᠬᠤᠷᠢᠭᠯᠠᠨ ᠡᠯᠡᠰᠦ ᠶᠢ ᠲᠣᠭᠲᠠᠪᠤᠷᠢᠵᠢᠭᠤᠯᠬᠤ ᠨᠢᠭᠡ ᠲᠥᠷᠥᠯ ᠤᠨ ᠪᠤᠲᠠᠯᠢᠭ ᠮᠣᠳᠣ ᠪᠣᠯᠬᠤᠷ ᠪᠡᠯᠴᠢᠭᠡᠷ ᠤᠨ ᠬᠠᠯᠬᠠᠪᠴᠢ ᠣᠢ᠂ ᠲᠦᠯᠡᠰᠢ ᠶᠢᠨ ᠣᠢ᠂ ᠲᠠᠸᠠᠷ ᠤᠨ ᠣᠢ ᠪᠠᠷ ᠲᠠᠷᠢᠵᠦ ᠪᠣᠯᠣᠨ᠎ᠠ᠃ ᠰᠠᠯᠠᠭ᠎ᠠ ᠨᠠᠮᠠᠭ᠎ᠠ᠂ ᠨᠠᠪᠴᠢ ᠨᠢ ᠵᠥᠭᠡᠯᠡᠨ᠂ ᠮᠠᠯ ᠤᠳ ᠢᠳᠡᠬᠦ ᠳᠤᠷᠠᠲᠠᠢ᠃ ᠪᠤᠷᠭᠠᠰᠤᠨ ᠨᠠᠶᠢᠭᠤᠯᠵᠠᠭᠤᠷ ᠢᠶᠠᠷ ᠨᠢ ᠭᠦᠷᠦᠮᠡᠯ ᠬᠦᠷᠦᠵᠦ ᠪᠣᠷᠣᠯᠠᠭᠤᠯᠵᠤ ᠪᠣᠯᠬᠤ ᠪᠥᠭᠡᠳ ᠭᠡᠷ ᠪᠠᠷᠢᠯᠭ᠎ᠠ ᠳᠤ ᠬᠡᠷᠡᠭᠯᠡᠬᠦ᠂ ᠬᠦᠷᠢᠶ᠎ᠡ ᠬᠠᠰᠢᠶ᠎ᠠ ᠪᠠᠷᠢᠵᠤ ᠪᠣᠯᠳᠠᠭ᠃ ᠪᠤᠷᠭᠠᠰᠤ ᠪᠣᠯ ᠡᠯᠡᠰᠦᠨ ᠨᠤᠲᠤᠭ ᠤᠨ ᠨᠡᠷ᠎ᠡ ᠦᠭᠡᠢ ᠮᠣᠳᠣᠨ ᠮᠠᠲ᠋ᠧᠷᠢᠶᠡᠯ ᠪᠣᠯᠬᠤ ᠶᠤᠮ᠃       ᠪᠤᠷᠭᠠᠰᠤ ᠶᠢ ᠬᠠᠪᠤᠷ ᠨᠠᠮᠤᠷ ᠪᠦᠷ ᠵᠠᠶᠢᠯᠠᠵᠤ ᠪᠤᠯᠠᠬᠤ ᠪᠥᠭᠡᠳ ᠭᠤᠣᠯᠳᠠᠭᠤ ᠲᠠᠭᠠᠷᠢᠳᠠᠰᠤ ᠶᠢ ᠬᠠᠳᠬᠤᠵᠤ ᠵᠠᠶᠢᠯᠠᠬᠤ ᠠᠷᠭ᠎ᠠ ᠶᠢ ᠬᠡᠷᠡᠭᠯᠡᠳᠡᠭ᠃ ᠬᠤᠶᠠᠷ ᠠᠴᠠ ᠭᠤᠷᠪᠠᠨ ᠵᠢᠯ ᠤᠷᠭᠤᠭᠰᠠᠨ ᠪᠤᠷᠭᠠᠰᠤ ᠶᠢ ᠨᠢᠭᠡ ᠲᠣᠬᠤᠢ ᠬᠢᠷᠢᠲᠡᠢ ᠳᠠᠭᠠᠷᠢᠵᠤ᠂ ᠤᠰᠤᠨ ᠳᠤ ᠨᠢᠭᠡ ᠭᠠᠷᠴᠠᠭ ᠲᠠᠯᠪᠢᠭᠰᠠᠨ ᠤ ᠳᠠᠷᠠᠭ᠎ᠠ ᠲᠠᠷᠢᠨ᠎ᠠ᠃ ᠲᠠᠷᠢᠬᠤ ᠳᠠᠭᠠᠨ ᠮᠠᠩᠬᠠᠨ ᠤ ᠤᠰᠤ ᠴᠢᠬᠢᠭ ᠲᠠᠢ ᠬᠥᠮᠥᠬᠡᠢ ᠭᠠᠵᠠᠷ ᠲᠠᠷᠢᠪᠠᠯ ᠡᠳᠡᠭᠡᠷᠡᠯᠲᠡ ᠶᠢᠨ ᠨᠣᠷᠮ᠎ᠠ ᠨᠢ ᠰᠠᠶᠢᠨ ᠪᠠᠶᠢᠳᠠᠭ᠃ ᠪᠠᠰᠠ ᠤᠰᠤᠨ ᠵᠠᠮ ᠤᠨ ᠬᠥᠪᠡᠭᠡ ᠪᠠ ᠲᠠᠷᠢᠶᠠᠯᠠᠬᠤ ᠭᠠᠵᠠᠷ ᠤᠨ ᠬᠠᠯᠬᠠᠪᠴᠢ ᠣᠢ ᠪᠣᠯᠭᠠᠨ ᠲᠠᠷᠢᠪᠠᠯ ᠡᠳᠡᠭᠡᠷᠡᠯᠲᠡ ᠶᠢᠨ ᠨᠣᠷᠮ᠎ᠠ ᠨᠢ 100% ᠳᠤ ᠬᠦᠷᠴᠦ ᠴᠢᠳᠠᠨ᠎ᠠ᠃ ᠠᠨᠵᠢᠰᠤ ᠪᠠᠷ ᠬᠥᠷᠥᠰᠥ ᠶᠢ ᠬᠠᠭᠠᠯᠪᠤᠷᠢᠯᠠᠨ ᠲᠠᠭᠠᠷᠢᠳᠠᠰᠤ ᠶᠢᠨ ᠰᠠᠯᠠᠭ᠎ᠠ ᠶᠢ ᠵᠠᠰᠠᠬᠤ ᠦᠭᠡᠢ ᠪᠠᠷ ᠳᠠᠷᠤᠵᠤ ᠣᠷᠣᠭᠤᠯᠤᠨ ᠲᠠᠷᠢᠬᠤ᠂ ᠴᠠᠶᠢᠳᠠᠮ ᠤᠨ ᠬᠥᠪᠡᠭᠡ᠂ ᠵᠡᠷᠳᠡᠮ ᠭᠠᠵᠠᠷ ᠲᠠᠷᠢᠬᠤ ᠳᠤ ᠪᠦᠷ ᠲᠣᠬᠢᠷᠠᠨ᠎ᠠ᠃ ᠪᠤᠷᠭᠠᠰᠤ ᠪᠣᠯ ᠪᠦᠳᠦᠭᠦᠯᠢᠭ ᠠᠷᠠᠴᠢᠯᠠᠭ᠎ᠠ ᠳᠤ ᠲᠣᠬᠢᠷᠠᠭᠰᠠᠨ ᠤᠷᠭᠤᠴᠠ ᠰᠠᠶᠢᠲᠠᠢ ᠤᠷᠭᠤᠮᠠᠯ ᠪᠣᠯᠣᠨ᠎ᠠ᠃ ᠬᠤᠷ᠎ᠠ ᠪᠣᠷᠣᠭᠠᠨ ᠡᠯᠪᠡᠭ ᠵᠢᠯ ᠡᠯᠡᠰᠦ ᠮᠠᠩᠬᠠᠨ ᠤ ᠬᠥᠪᠡᠭᠡ ᠪᠠᠷ ᠠᠶᠠᠨᠳᠠᠭᠠᠨ ᠤᠷᠭᠤᠵᠤ ᠪᠠᠶᠢᠳᠠᠭ᠃ ᠡᠶᠢᠮᠦ ᠠᠴᠠ ᠡᠯᠡᠰᠦ ᠮᠠᠩᠬ᠎ᠠ ᠶᠢ ᠲᠣᠭᠲᠠᠪᠤᠷᠢᠵᠢᠭᠤᠯᠵᠤ᠂ ᠨᠤᠲᠤᠭ ᠪᠡᠯᠴᠢᠭᠡᠷ ᠢᠶᠠᠨ ᠪᠦᠲᠦᠭᠡᠨ ᠪᠠᠶᠢᠭᠤᠯᠬᠤ ᠳᠤ ᠪᠤᠷᠭᠠᠰᠤ ᠲᠠᠷᠢᠵᠦ ᠪᠣᠶᠢᠵᠢᠭᠤᠯᠪᠠᠯ ᠠᠰᠢᠭ ᠲᠠᠢ᠃       ᠪᠢᠳᠠ ᠨᠤᠲᠤᠭ ᠪᠡᠯᠴᠢᠭᠡᠷ ᠢᠶᠠᠨ ᠨᠣᠭᠤᠭᠠᠷᠠᠭᠤᠯᠤᠶ᠎ᠠ ᠭᠡᠪᠡᠯ ᠤᠷᠢᠳᠠᠪᠠᠷ ᠪᠤᠷᠭᠠᠰᠤ ᠶᠢ ᠲᠠᠷᠢᠵᠦ᠂ ᠳᠠᠷᠠᠭ᠎ᠠ ᠨᠢ ᠣᠢ ᠮᠣᠳᠣ ᠪᠠᠨ ᠲᠠᠷᠢᠵᠦ ᠪᠣᠶᠢᠵᠢᠭᠤᠯᠪᠠᠯ ᠰᠠᠶᠢᠨ᠃ ᠪᠤᠷᠭᠠᠰᠤ ᠳᠠᠷᠢᠭᠰᠠᠨ ᠭᠠᠵᠠᠷ ᠨᠢ ᠬᠥᠷᠥᠰᠥ ᠰᠢᠷᠣᠢ ᠢ ᠰᠢᠮᠡᠵᠢᠭᠦᠯᠵᠦ᠂ ᠤᠰᠤ ᠴᠢᠭᠢᠭ ᠢ ᠬᠠᠮᠠᠭᠠᠯᠠᠳᠠᠭ ᠠᠴᠠ ᠪᠤᠰᠤᠳ ᠤᠷᠭᠤᠮᠠᠯ ᠤ ᠣᠷᠣᠰᠢᠨ ᠲᠣᠭᠲᠠᠨᠢᠬᠤ ᠶᠢᠨ ᠠᠩᠬᠠᠨ ᠤ ᠰᠠᠭᠤᠷᠢ ᠶᠢ ᠲᠠᠯᠪᠢᠳᠠᠭ᠃ ᠪᠤᠷᠭᠠᠰᠤ ᠪᠠᠨ ᠳᠠᠷᠢᠭᠰᠠᠨ ᠤ ᠳᠠᠷᠠᠭ᠎ᠠ᠂ 3 — 4 ᠵᠢᠯ ᠪᠣᠯᠪᠠᠯ ᠪᠦᠬᠦᠨ ᠢ ᠬᠥᠷᠥᠰᠥ ᠶᠢᠨ ᠳᠡᠭᠡᠭᠦᠷ ᠲᠡᠭᠰᠢ ᠬᠢᠷᠭᠠᠵᠤ ᠠᠪᠤᠪᠠᠯ ᠢᠷᠡᠬᠦ ᠵᠢᠯ ᠳᠤ ᠢᠭ᠌ᠴᠢ ᠰᠠᠬᠤᠯᠢᠭ ᠤᠷᠭᠤᠵᠤ᠂ ᠤᠯᠠᠮ ᠢᠶᠠᠷ ᠰᠠᠬᠤᠯᠢᠭ ᠤᠷᠭᠤᠵᠤ᠂ ᠤᠯᠠᠮ ᠢᠶᠠᠷ ᠰᠠᠬᠤᠯᠢᠭ ᠪᠣᠯᠳᠠᠭ᠃       ︽ᠮᠠᠯ ᠲᠠᠷᠢᠶᠠᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ︾ ᠭᠡᠬᠦ ᠨᠣᠮ ᠠᠴᠠ ᠪᠠᠭᠤᠯᠭᠠᠪᠠ
ᠢᠷᠡᠯᠲᠡ᠄ ᠣᠷᠳᠣᠰ ᠤᠨ ᠡᠳᠦᠷ ᠤᠨ ᠰᠤᠨᠢᠨ