ᠳᠤᠮᠳᠠᠳᠤ ᠤᠯᠤᠰ ᠤᠨ ᠰᠣᠨᠢᠨ ᠮᠡᠳᠡᠭᠡᠨ ᠤ ᠰᠦᠯᠵᠢᠶ᠎ᠡ ᠶᠢᠨ ᠪᠡᠭᠡᠵᠢᠩ ᠤᠨ 7 ᠰᠠᠷ᠎ᠠ ᠶᠢᠨ 25 ᠤ ᠡᠳᠦᠷ ᠤᠨᠮᠡᠳᠡᠭᠡ ︵ᠰᠤᠷᠪᠤᠯᠵᠢᠯᠠᠭᠴᠢ ᠯᠢ ᠵᠢᠩ | ᠽᠧ ᠯᠢᠶᠠᠩ ᠰᠢᠶᠤᠤ ᠾᠦᠢ︶ ᠡᠷᠡᠭᠦᠦ ᠶᠢᠨ ᠬᠠᠤᠯᠢ ᠳᠤ ᠵᠠᠰᠠᠪᠤᠷᠢ ᠣᠷᠣᠭᠤᠯᠬᠤ ᠲᠥᠰᠦᠯ ︵ᠠᠷᠪᠠᠨ ᠬᠤᠶᠠᠷ︶ ᠤᠨ ᠨᠤᠤᠷᠠᠭ ᠢ 25 ᠤ ᠡᠳᠦᠷ ᠠᠷᠪᠠᠨ | ᠳᠥᠷᠪᠡᠳᠦᠭᠡᠷ ᠬᠤᠭᠤᠴᠠᠭᠠᠨ ᠤ ᠪᠥᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ | ᠳᠥᠷᠪᠡᠳᠦᠭᠡᠷ ᠬᠤᠷᠠᠯᠳᠤᠭᠠᠨ ᠳᠤ ᠬᠢᠨᠠᠨ ᠶᠠᠷᠢᠯᠴᠠᠭᠤᠯᠬᠤ ᠪᠠᠷ ᠳᠡᠪᠰᠢᠭᠦᠯᠪᠡ᠃ ᠲᠣᠰ ᠵᠠᠰᠠᠪᠤᠷᠢ ᠣᠷᠣᠭᠤᠯᠬᠤ ᠲᠥᠰᠦᠯ ᠤᠨ ᠨᠤᠤᠷᠠᠭ ᠲᠤ ᠨᠡᠶᠢᠲᠡ ᠡᠷᠡᠭᠦᠦ | ᠶᠢᠨ ᠬᠠᠤᠯᠢ ᠶᠢᠨ 7 ᠵᠦᠢᠯ ᠳᠤ ᠵᠠᠰᠠᠪᠤᠷᠢ ᠣᠷᠣᠭᠤᠯᠤᠨ ᠨᠥᠬᠦᠪᠥᠷᠢᠯᠡᠪᠡ᠂ ᠡᠭᠦᠨ ᠳᠤ ᠲᠥᠰᠦᠯ ᠤᠨ ᠨᠤᠤᠷᠠᠭ ᠲᠤ ᠬᠡᠭᠡᠯᠢ ᠲᠦᠯᠬᠢᠬᠦ ᠶᠠᠯᠠᠲᠤ ᠭᠡᠷᠡᠭ ᠢ | ᠵᠠᠯᠬᠠᠭᠠᠨ ᠰᠢᠢᠳᠭᠡᠬᠦ ᠡᠷᠴᠢᠮ ᠢ ᠴᠢᠩᠭᠠᠷᠠᠭᠤᠯᠤᠬᠰᠠᠨ ᠤ ᠬᠠᠮᠲᠤ ᠠᠷᠠᠳ ᠤᠨ ᠡᠵᠡᠩᠨᠡᠭᠰᠡᠨ ᠠᠵᠤ ᠠᠬᠤᠶᠢᠯᠠᠯ ᠤᠨ ᠳᠣᠲᠣᠭᠠᠳᠤ ᠶᠢᠨ ᠬᠥᠮᠦᠰ ᠤᠨ | ᠢᠯᠵᠠᠷᠠᠯ ᠳᠤ ᠬᠤᠯᠪᠣᠭᠳᠠᠭᠰᠠᠨ ᠶᠠᠯᠠᠲᠤ ᠭᠡᠷᠡᠭ ᠢ ᠵᠠᠯᠬᠠᠭᠠᠨ ᠰᠢᠢᠳᠭᠡᠬᠦ ᠵᠦᠢᠯ ᠵᠤᠷᠪᠤᠰ ᠢ ᠨᠡᠮᠡᠪᠡ᠃ | ᠬᠡᠭᠡᠯᠢ ᠲᠦᠯᠬᠢᠭᠦ ᠶᠠᠯᠠᠲᠤ ᠭᠡᠷᠡᠭ ᠢ ᠵᠠᠯᠬᠠᠭᠠᠨ ᠰᠢᠢᠳᠭᠡᠬᠦ ᠡᠷᠴᠢᠮ ᠢᠶᠠᠨ ᠴᠢᠩᠭᠠᠷᠠᠭᠤᠯᠬᠤ ᠲᠠᠯ᠎ᠠ ᠪᠠᠷ ᠲᠥᠰᠦᠯ ᠤᠨ ᠨᠤᠤᠷᠠᠭ ᠲᠤ ᠤᠯᠠᠨ ᠤᠳᠠᠭ᠎ᠠ ᠬᠡᠭᠡᠯᠢ | ᠲᠦᠯᠬᠢᠭᠰᠡᠨ᠂ ᠤᠯᠠᠨ ᠬᠥᠮᠦᠨ ᠳᠤ ᠬᠡᠭᠡᠯᠢ ᠲᠦᠯᠬᠢᠭᠰᠡᠨ᠂ ᠲᠦᠷᠦ ᠶᠢᠨ ᠠᠵᠢᠯᠳᠠᠨ ᠬᠡᠭᠡᠯᠢ ᠲᠦᠯᠬᠢᠭᠰᠡᠨ ᠵᠡᠷᠭᠡ ᠵᠢᠷᠭᠤᠭᠠᠨ ᠵᠦᠢᠯ ᠤᠨ ᠪᠠᠶᠢᠳᠠᠯ ᠢ | ᠬᠦᠨᠳᠦ ᠪᠠᠷ ᠰᠢᠢᠳᠭᠡᠨ᠎ᠡ ᠭᠡᠵᠦ ᠨᠡᠮᠡᠵᠦ ᠲᠣᠭᠲᠠᠭᠠᠪᠠ᠃ ᠡᠭᠦᠨ ᠤ ᠬᠠᠮᠲᠤ᠂ ᠬᠡᠭᠡᠯᠢ ᠲᠦᠯᠬᠢᠭᠰᠡᠨ ᠶᠠᠯ᠎ᠠ ᠶᠢᠨ ᠡᠷᠡᠭᠦᠦ ᠰᠢᠢᠳᠭᠡᠯ ᠤᠨ ᠡᠬᠢᠯᠡᠯᠲᠡ ᠪᠠ ᠡᠷᠡᠭᠦᠦ | ᠰᠢᠢᠳᠭᠡᠯ ᠤᠨ ᠵᠡᠷᠭᠡ ᠳᠡᠰ ᠲᠤ ᠲᠤᠬᠢᠷᠠᠭᠤᠯᠤᠯᠳᠠ ᠬᠢᠵᠦ᠂ ᠬᠡᠭᠡᠯᠢ ᠢᠳᠡᠭᠰᠡᠨ ᠶᠠᠯ᠎ᠠ ᠲᠠᠢ ᠠᠪᠴᠠᠯᠳᠤᠭᠤᠯᠤᠨ ᠵᠣᠯᠭᠠᠭᠤᠯᠪᠠ᠃ | ᠦᠢᠯᠡᠳᠦᠯᠭᠡ ᠶᠢᠨ ᠳᠤᠮᠳᠠ᠂ ᠨᠢᠭᠡᠴᠡ ᠶᠢᠨ ᠬᠡᠭᠡᠯᠢ ᠲᠦᠯᠬᠢᠭᠦ ᠬᠡᠷᠡᠭ ᠨᠡᠯᠢᠶᠡᠳ ᠤᠯᠠᠨ᠂ ᠬᠤᠪᠢ ᠬᠥᠮᠦᠨ ᠤ ᠬᠡᠭᠡᠯᠢ ᠲᠦᠯᠬᠢᠭᠦ ᠲᠠᠢ ᠠᠳᠠᠯᠢᠳᠬᠠᠪᠠᠯ | ᠬᠠᠤᠯᠢ ᠪᠠᠷ ᠲᠣᠭᠲᠠᠭᠠᠭᠰᠠᠨ ᠡᠷᠡᠭᠦᠦ ᠰᠢᠢᠳᠭᠡᠯ ᠨᠢ ᠮᠠᠰᠢ ᠶᠡᠭᠡ ᠵᠦᠷᠢᠶ᠎ᠡ ᠲᠠᠢ ᠪᠠᠶᠢᠨ᠎ᠠ᠃ ᠵᠠᠷᠢᠮ ᠬᠡᠭᠡᠯᠢ ᠲᠦᠯᠬᠢᠭᠴᠢ ᠨᠢ ᠨᠢᠭᠡᠴᠡ ᠶᠢᠨ ᠢᠶᠠᠨ ᠨᠡᠷ᠎ᠡ ᠪᠠᠷ ᠬᠡᠭᠡᠯᠢ | ᠲᠦᠯᠬᠢᠵᠦ᠂ ᠰᠢᠢᠳᠭᠡᠯ ᠠᠴᠠ ᠰᠢᠯᠲᠠᠭᠯᠠᠨ ᠵᠠᠶᠢᠯᠠᠬᠰᠠᠨ ᠠᠴᠠ ᠪᠤᠯᠵᠤ ᠬᠡᠷᠡᠭ ᠢ ᠰᠢᠢᠳᠪᠦᠷᠢᠯᠡᠬᠦ ᠳᠡᠭᠡᠨ ᠲᠡᠩᠴᠡᠭᠦᠷᠢ ᠦᠭᠡᠢ ᠪᠣᠯᠭᠠᠵᠤ᠂ ᠰᠢᠢᠳᠭᠡᠬᠦ ᠡᠷᠴᠢᠮ ᠨᠢ | ᠬᠦᠷᠦᠯᠴᠡᠬᠦ ᠦᠭᠡᠢ ᠪᠠᠶᠢᠨ᠎ᠠ᠃ ᠡᠶᠢᠮᠦ ᠠᠴᠠ ᠲᠥᠰᠦᠯ ᠤᠨ ᠨᠤᠤᠷᠠᠭ ᠲᠤ ᠨᠢᠭᠡᠴᠡ ᠶᠢᠨ ᠬᠡᠭᠡᠯᠢ ᠲᠦᠯᠬᠢᠭᠰᠡᠨ ᠶᠠᠯ᠎ᠠ ᠪᠠ ᠡᠷᠡᠭᠦᠦ ᠰᠢᠢᠳᠭᠡᠯ ᠢ ᠤᠤᠯ ᠤᠨ ᠲᠠᠪᠤᠨ | ᠵᠢᠯ ᠬᠤᠭᠤᠴᠠᠭ᠎ᠠ ᠲᠠᠢ ᠬᠤᠷᠢᠬᠤ ᠶᠠᠯ᠎ᠠ ᠪᠠᠷ ᠬᠠᠮᠤᠭ ᠤᠨ ᠬᠦᠨᠳᠦ ᠰᠢᠢᠳᠭᠡᠬᠦ ᠨᠢᠭᠡ ᠳᠡᠰ ᠤᠨ ᠡᠷᠡᠭᠦᠦ ᠰᠢᠢᠳᠭᠡᠯ ᠢ᠄ ︽ᠭᠤᠷᠪᠠᠨᠵᠢᠯ ᠠᠴᠠ ᠲᠤᠷᠤᠬᠰᠢ | ᠬᠤᠭᠤᠴᠠᠭ᠎ᠠ ᠲᠠᠢ ᠬᠤᠷᠢᠬᠤ ᠪᠤᠶᠤ ᠬᠤᠷᠢᠵᠤ ᠬᠥᠳᠡᠯᠮᠦᠷᠢᠯᠡᠭᠦᠯᠬᠦ ᠪᠠᠷ ᠰᠢᠢᠳᠭᠡᠬᠦ ᠶᠢᠨ ᠬᠠᠮᠳᠤᠵᠣᠭᠤᠰ ᠢᠶᠠᠷ ᠲᠣᠷᠭᠠᠬᠤ ᠪᠠᠷ ᠨᠡᠶᠢᠯᠡᠭᠦᠯᠦᠨ ᠰᠢᠢᠳᠭᠡᠬᠦ︾ | ᠪᠠ ︽ᠭᠤᠷᠪᠠᠨ ᠵᠢᠯ ᠠᠴᠠ ᠳᠡᠭᠡᠭᠰᠢ ᠠᠷᠪᠠᠨ ᠵᠢᠯ ᠠᠴᠠ ᠲᠤᠷᠤᠬᠰᠢ ᠬᠤᠭᠤᠴᠠᠭ᠎ᠠ ᠲᠠᠢ ᠬᠤᠷᠢᠬᠤ ᠪᠠᠷ ᠰᠢᠢᠳᠭᠡᠬᠦ ᠶᠢᠨ ᠬᠠᠮᠳᠤ ᠵᠣᠭᠤᠰ ᠢᠶᠠᠷ ᠲᠣᠷᠭᠠᠬᠤ ᠪᠠᠷ | ᠨᠡᠶᠢᠯᠡᠭᠦᠯᠦᠨ ᠰᠢᠢᠳᠭᠡᠬᠦ︾ ᠭᠡᠵᠦ ᠬᠤᠶᠠᠷ ᠳᠡᠰ ᠤᠨ ᠡᠷᠡᠭᠦᠦ ᠰᠢᠢᠳᠭᠡᠯ ᠪᠣᠯᠭᠠᠨ ᠵᠠᠰᠠᠪᠠ᠃ | ᠡᠭᠦᠨ ᠤ ᠵᠡᠷᠭᠡ ᠪᠠᠷ ᠲᠥᠰᠦᠯ ᠤᠨ ᠨᠤᠤᠷᠠᠭ ᠲᠤ ᠪᠠᠰᠠ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠳᠣᠲᠣᠭᠠᠳᠤ ᠶᠢᠨ ᠠᠵᠢᠯᠲᠠᠨ ᠤ | ᠢᠯᠵᠠᠷᠠᠯ ᠤᠨ ᠬᠤᠯᠪᠣᠭᠳᠠᠯ ᠪᠥᠬᠦᠶ ᠶᠠᠯᠠᠲᠤ ᠭᠡᠷᠡᠭ ᠢ ᠵᠠᠯᠬᠠᠭᠠᠨ ᠰᠢᠢᠳᠭᠡᠬᠦ ᠲᠤᠬᠠᠶ ᠵᠦᠢᠯ ᠵᠤᠷᠪᠤᠰ ᠢ ᠨᠡᠮᠡᠪᠡ᠃ | ᠤᠳᠤ ᠶᠢᠨ ᠬᠡᠷᠡᠭᠵᠢᠭᠦᠯᠵᠦ ᠪᠠᠶᠢᠭ᠎ᠠ ᠡᠷᠡᠭᠦᠦ ᠶᠢᠨ ᠬᠠᠤᠯᠢ ᠳᠤ᠂ ᠤᠯᠤᠰ ᠤᠨ ᠥᠮᠴᠢᠯᠡᠯ ᠤᠨ ᠺᠣᠮᠫᠠᠨᠢ᠂ ᠠᠵᠤ ᠠᠬᠤᠶᠢᠯᠠᠯ ᠤᠨ ᠬᠤᠯᠪᠣᠭᠳᠠᠯ ᠪᠦᠬᠦᠢ | ᠬᠥᠮᠦᠰ ᠤᠨ ᠠᠳᠠᠯᠢ ᠲᠦᠷᠦᠯ ᠤᠨ ᠡᠵᠡᠩᠨᠡᠯᠲᠡ ᠶᠢ ᠬᠠᠤᠯᠢ ᠪᠤᠰᠤ ᠪᠠᠷ ᠡᠵᠡᠩᠨᠡᠭᠰᠡᠨ ᠶᠠᠯ᠎ᠠ᠂ ᠲᠦᠷᠦᠯ ᠰᠠᠳᠤᠨ ᠨᠠᠶᠢᠵᠠ ᠨᠥᠬᠦᠳ ᠲᠡᠭᠡᠨ ᠬᠠᠤᠯᠢ ᠪᠤᠰᠤ ᠪᠠᠷ | ᠠᠰᠢᠭ ᠣᠯᠭᠤᠭᠰᠠᠨ ᠶᠠᠯ᠎ᠠ ᠪᠠ ᠬᠤᠪᠢ ᠶᠢᠨ ᠨᠠᠶᠢᠷ ᠬᠠᠷᠠᠵᠤ ᠬᠠᠤᠯᠢ ᠶᠣᠰᠣ ᠶᠢ ᠵᠥᠷᠢᠴᠡᠨ ᠤᠯᠤᠰ ᠤᠨ ᠥᠮᠴᠢᠯᠡᠯ ᠤᠨ ᠡᠳ᠋ ᠬᠦᠷᠦᠩᠭᠡ ᠶᠢ ᠬᠢᠮᠳᠠ | ᠦᠨ᠎ᠡ ᠪᠠᠷ ᠬᠤᠪᠢ ᠪᠣᠯᠭᠠᠨ ᠨᠤᠭᠤᠯᠤᠨ ᠪᠤᠳᠤᠭᠰᠠᠨ᠂ ᠬᠤᠳᠠᠯᠳᠤᠭᠰᠠᠨ ᠶᠠᠯ᠎ᠠ ᠭᠡᠵᠦ ᠲᠣᠭᠲᠠᠭᠠᠵᠠᠢ᠂ ᠡᠨᠡ ᠤᠳᠠᠭ᠎ᠠ ᠵᠠᠰᠠᠪᠤᠷᠢ ᠣᠷᠣᠭᠤᠯᠬᠤ ᠳᠠᠭᠠᠨ ᠳᠡᠭᠡᠷ᠎ᠡ | ᠳᠤᠷᠠᠳᠤᠭᠰᠠᠨ ᠵᠦᠢᠯ ᠵᠤᠷᠪᠤᠰ ᠲᠤ ᠲᠤᠰ ᠪᠦᠷᠢ ᠨᠢᠭᠡ ᠵᠦᠢᠯ ᠨᠡᠮᠡᠵᠦ᠂ ᠤᠳᠤ ᠶᠢᠨ ᠬᠡᠷᠡᠭᠵᠢᠭᠦᠯᠵᠦ ᠪᠠᠶᠢᠭ᠎ᠠ ︽ᠤᠯᠤᠰ ᠤᠨ ᠥᠮᠴᠢᠯᠡᠯ ᠤᠨ ᠺᠣᠮᠫᠠᠨᠢ᠂ ᠠᠵᠤ | ᠠᠬᠤᠶᠢᠯᠠᠯ︾ ᠭᠡᠬᠦ ᠮᠡᠳᠦ ᠶᠢᠨ ᠬᠤᠯᠪᠣᠭᠳᠠᠯ ᠪᠦᠬᠦᠢ ᠬᠥᠮᠦᠰ ᠲᠤ ᠬᠡᠷᠡᠭᠯᠡᠬᠦ ᠶᠠᠯᠠᠲᠤ ᠭᠡᠷᠡᠭ ᠤᠨ ᠲᠤᠬᠠᠢ ᠰᠢᠢᠳᠭᠡᠯ ᠢ ᠠᠷᠠᠳ ᠠᠴᠠ ᠡᠵᠡᠩᠨᠡᠭᠰᠡᠨ ᠠᠵᠤ | ᠠᠬᠤᠶᠢᠯᠠᠯ ᠳᠤ ᠬᠦᠷᠲᠡᠯ᠎ᠡ ᠭᠡᠷᠡᠭᠯᠡᠬᠦ ᠪᠠᠷ ᠥᠷᠭᠡᠳᠬᠡᠪᠡ᠃ | ᠲᠥᠰᠦᠯ ᠤᠨ ᠨᠤᠤᠷᠠᠭ ᠲᠤ᠂ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠳᠣᠲᠣᠭᠠᠳᠤ ᠶᠢᠨ ᠠᠵᠢᠯᠳᠠᠨ ᠳᠡᠭᠡᠷ᠎ᠡ ᠳᠤᠷᠠᠳᠤᠭᠰᠠᠨ ᠬᠠᠮᠢᠶ᠎ᠠ ᠪᠦᠬᠦᠢ | ᠦᠢᠯᠡ ᠠᠵᠢᠯᠯᠠᠭ᠎ᠠ ᠲᠠᠢ᠂ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠠᠰᠢᠭ ᠲᠤᠰᠠ ᠶᠢ ᠵᠣᠷᠢᠭᠤᠳᠠ ᠬᠤᠬᠢᠷᠠᠭᠤᠯᠵᠤ᠂ ᠬᠦᠨᠳᠦ ᠶᠡᠭᠡ | ᠬᠤᠬᠢᠷᠠᠯ ᠤᠴᠠᠷᠠᠭᠤᠯᠤᠭᠰᠠᠨ ᠪᠠᠶᠢᠪᠠᠯ ᠪᠠᠰᠠ ᠡᠷᠡᠭᠦᠦ ᠶᠢᠨ ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠢ ᠭᠡᠵᠦ ᠲᠤᠬᠳᠠᠭᠠᠪᠠ᠃ ᠲᠣᠰ ᠲᠣᠭᠲᠠᠭᠠᠯ ᠨᠢ | ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠥᠮᠴᠢᠯᠡᠬᠦ ᠡᠷᠬᠡ ᠪᠠ ᠠᠵᠤ ᠠᠬᠤᠶᠢᠯᠠᠯᠲᠠᠨ ᠤ ᠡᠷᠬᠡ ᠠᠰᠢᠭ ᠢ ᠬᠠᠮᠠᠭᠠᠯᠠᠬᠤ ᠡᠷᠴᠢᠮ ᠢ ᠤᠯᠠᠮ | ᠴᠢᠨᠠᠬᠰᠢᠳᠠ ᠴᠢᠩᠭᠠᠷᠠᠭᠤᠯᠵᠤ᠂ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠢ ᠡᠷᠬᠡ ᠲᠡᠭᠰᠢ ᠪᠠᠷ ᠬᠠᠮᠠᠭᠠᠯᠠᠬᠤ ᠶᠢ ᠴᠢᠩᠭᠠᠳᠬᠠᠬᠤ ᠪᠣᠯᠤᠨ᠎ᠠ᠃ | | | |