ᠤᠷᠳᠤᠰ ᠤᠨ ᠪᠠᠷᠠᠭᠤᠨ ᠵᠠᠬ᠎ᠠ ᠳᠤ ᠪᠤᠯᠤᠬᠰᠠᠨ ︽ᠣᠷᠳᠣᠰ ᠨᠠᠶᠢᠷ︾
ᠨᠡᠶᠢᠲᠡᠯᠡᠭᠰᠡᠨ ᠴᠠᠭ᠄
2023/9/11
    ᠦᠢᠷ᠎ᠠ ᠳᠤ᠂ ᠣᠲᠤᠭ ᠬᠤᠰᠢᠭᠤᠨ ᠤ ᠤᠷᠲᠤᠰ ᠢᠵᠠᠭᠤᠷ ᠨᠠᠶᠢᠷ ᠤᠨ ᠨᠡᠶᠢᠭᠡᠮᠯᠢᠭ ᠤᠨ ︽ᠨᠠᠶᠢᠷ︾ ᠲᠤᠰᠬᠠᠶ ᠦᠳᠡᠰᠢᠯᠡᠭᠡ ᠤᠯᠠᠭᠠᠨᠪᠠᠯᠭᠠᠰᠤ ᠶᠢᠨ ᠪᠠᠷᠠᠭᠤᠨ ᠣᠷᠳᠣᠰ ᠤᠨ ᠰᠣᠶᠣᠯ ᠤᠨ ᠭᠤᠤᠯ ᠰᠡᠳᠦᠪᠲᠦ ᠴᠡᠴᠡᠷᠯᠢᠭ ᠲᠤ ᠣᠷᠳᠣᠰ ᠠᠷᠠᠳ ᠤᠨ ᠣᠷᠳᠣ ᠶᠢᠨ ᠳᠠᠭᠤᠤ ︽ᠰᠠᠶᠢᠷᠪᠤᠯᠠᠭ︾ ᠢᠶᠠᠷ ᠬᠥᠰᠢᠭᠡ ᠨᠡᠭᠡᠭᠡᠪᠡ᠃    ᠦᠳᠡᠰᠢᠯᠡᠭᠡ ᠶᠢᠨ ᠠᠬᠤᠢ ᠲᠠᠯᠠᠪᠠᠢ ᠳᠤ᠂ ᠡᠷᠡᠭᠲᠡᠢ ᠡᠮᠡᠭᠲᠡᠢ ᠶᠢᠨ ᠬᠠᠮᠲᠤ ᠶᠢᠨ ᠪᠥᠵᠢᠭ ︽ᠰᠠᠶᠢᠨ ᠪᠠᠶᠢᠨ᠋᠎ᠠ ᠤᠤ︾᠂ ᠠᠷᠠᠳ ᠤᠨ ᠨᠠᠶᠢᠷᠠᠯ ᠬᠥᠭᠵᠢᠮ ︽ᠮᠥᠩᠭᠦᠨ ᠬᠡᠭᠡᠷ ᠮᠣᠷᠢ︾᠂ ᠨᠠᠶᠢᠷᠠᠯ ᠳᠠᠭᠤᠤ ︽ᠪᠠᠶᠠᠷᠲᠤ ᠨᠠᠭᠠᠳᠤᠮ︾᠂ ᠬᠤᠣᠰᠯᠠᠯ ᠳᠠᠭᠤᠤ ︽ᠴᠢᠮ᠎ᠠ ᠪᠠᠨ ᠬᠠᠶᠢᠷᠠᠯᠠᠶ᠎ᠠ︾ ᠵᠡᠷᠭᠡ ᠢᠵᠠᠭᠤᠷ ᠨᠠᠶᠢᠷ ᠤᠨ ᠨᠡᠶᠢᠭᠡᠮᠯᠢᠭ ᠤᠨ ᠭᠡᠰᠢᠭᠦᠳ ᠤᠨ ᠥᠪᠡᠷ ᠢᠶᠠᠨ ᠵᠤᠬᠢᠶᠠᠵᠤ᠂ ᠥᠪᠡᠷ ᠢᠶᠠᠨ ᠨᠠᠶᠢᠷᠠᠭᠤᠯᠤᠨ᠂ ᠥᠪᠡᠷ ᠢᠶᠠᠨ ᠲᠣᠭᠯᠠᠭᠰᠠᠨ ᠭᠤᠴᠣ ᠰᠠᠶᠢᠬᠠᠨ ᠲᠣᠭᠯᠠᠯᠲᠠ ᠨᠢ ᠤᠷᠳᠤᠰ ᠤᠨ ︽ᠨᠠᠶᠢᠷ︾ ᠤᠨ ᠥᠪᠡᠷᠮᠢᠴᠡ ᠷᠢᠳᠢ ᠰᠢᠳᠢ ᠶᠢ ᠢᠯᠡᠷᠡᠭᠦᠯᠵᠦ᠂ ᠤᠳᠤᠭ ᠤᠨ ᠠᠷᠠᠳ ᠲᠦᠮᠡᠨ ᠤ ᠬᠠᠯᠠᠭᠤᠨ ᠰᠡᠳᠭᠢᠯᠭᠡ᠂ ᠡᠭᠡᠯ ᠪᠣᠷᠣᠭᠵᠢᠭᠤᠨ ᠠᠮᠢᠳᠤᠷᠠᠯ ᠠᠬᠤᠢ ᠶᠢ ᠳᠠᠭᠤᠯᠠᠵᠤ᠂ ᠮᠠᠯᠴᠢᠨ ᠲᠠᠷᠢᠶᠠᠴᠢᠨ ᠤ ᠰᠢᠵᠢᠷ ᠡᠷᠢᠨ ᠤ ᠰᠢᠨ᠎ᠡ ᠠᠶᠠᠰ ᠢ ᠴᠢᠪᠬᠠᠳᠠᠨ᠂ ᠲᠤᠬᠠᠢ ᠶᠢᠨ ᠲᠠᠯᠠᠪᠠᠢ ᠶᠢᠨ ᠦᠵᠡᠭᠴᠢᠳ ᠲᠤ ᠨᠢᠭᠡ ᠤᠳᠠᠭᠠᠨ ᠤ ᠣᠳᠬ᠎ᠠ ᠤᠷᠠᠯᠢᠭ ᠤᠨ ᠦᠪᠡᠳᠡᠭᠰᠢ ᠨᠠᠶᠢᠷ ᠢ ᠳᠡᠪᠰᠢᠭᠦᠯᠦ᠋ᠭᠰᠡᠨ ᠪᠠᠶᠢᠨ᠎ᠠ᠃    ᠣᠲᠤᠭ ᠬᠤᠰᠢᠭᠤᠨ ᠤ ᠤᠷᠲᠤᠰ ᠢᠵᠠᠭᠤᠷ ᠨᠠᠶᠢᠷ ᠤᠨ ᠨᠡᠶᠢᠭᠡᠮᠯᠢᠭ ᠤᠨ ᠭᠡᠰᠢᠬᠦᠨ ᠠᠯᠲᠠᠨᠴᠢᠮᠡᠭ᠄ ︽ᠡᠨᠡ ᠨᠡᠶᠢᠭᠡᠮᠯᠢᠭ ᠤᠨ ᠭᠡᠰᠢᠬᠦᠳ ᠶᠡᠭᠡ ᠰᠢᠷᠭᠠᠭᠤ ᠬᠠᠲᠠᠭᠤᠵᠢᠯᠲᠠᠢ ᠪᠤᠯᠪᠠᠰᠤᠷᠠᠲᠠᠭ᠂ ᠵᠠᠮ ᠬᠤᠯᠠ ᠴᠤ ᠠᠯᠢᠪᠡ ᠪᠡᠷᠭᠡᠰᠢᠶᠠᠯ ᠢ ᠢᠯᠠᠨ ᠲᠠᠪᠠᠵᠤ ᠴᠠᠭ ᠲᠠᠭᠠᠨ ᠪᠤᠯᠪᠠᠰᠤᠷᠠᠯ ᠢᠶᠠᠨ ᠭᠢᠲᠡᠭ ᠠᠴᠠ ᠦᠨᠤᠲᠤᠷ ᠤᠨ ᠲᠤᠰᠬᠠᠢ ᠲᠤᠭᠯᠠᠯᠲᠠ ᠳᠤ ᠶᠡᠭᠡ ᠰᠠᠶᠢᠬᠠᠨ ᠪᠠᠯᠡᠳᠭᠡᠯ ᠠᠵᠢᠯ ᠭᠢᠵᠠᠢ᠂ ᠪᠢᠳᠡ ᠡᠨᠡ ᠰᠤᠶᠤᠯ ᠢᠶᠠᠨ ᠨᠠᠩ ᠠᠷᠪᠢᠨ ᠬᠦᠮᠤᠨ ᠳᠤ ᠮᠡᠲᠡᠬᠦᠯᠤᠶ᠎ᠠ᠂ ᠲᠠᠨᠢᠭᠤᠯᠤᠶ᠎ᠠ᠂ ᠤᠶᠢᠯᠠᠭᠠᠭᠤᠯᠤᠶ᠎ᠠ᠂ ᠤᠯᠠᠮᠵᠢᠯᠠᠶ᠎ᠡ ᠭᠡᠰᠡᠨ ᠰᠠᠨᠠᠭ᠎ᠠ ᠲᠠᠢ︾ ᠭᠡᠵᠤ ᠪᠠᠶᠢᠯ᠎ᠠ᠃    ᠣᠷᠣᠨ ᠤ ᠲᠠᠰ ᠤᠨ ᠪᠣᠳᠠᠰ ᠤᠨ ᠪᠤᠰᠤ ᠰᠣᠶᠣᠯ ᠤᠨ ᠥᠪ ᠪᠣᠯᠤᠭᠰᠠᠨ ︽ᠣᠷᠳᠣᠰ ᠨᠠᠶᠢᠷ︾ ᠪᠣᠯ ᠠᠷᠠᠳ ᠤᠨ ᠳᠠᠭᠤᠤ᠂ ᠠᠷᠠᠳ ᠤᠨ ᠬᠥᠭᠵᠢᠮ᠂ ᠠᠷᠠᠳ ᠤᠨ ᠪᠥᠵᠢᠭ ᠵᠡᠷᠭᠡ ᠶᠢ ᠨᠢᠭᠡ ᠴᠣᠭᠴᠠᠵᠢᠭᠤᠯᠤᠭᠰᠠᠨ ᠢᠵᠠᠭᠤᠷ ᠤᠷᠠᠯᠢᠭ ᠶᠤᠮ᠃ ᠤᠲᠤᠭ ᠬᠤᠰᠢᠭᠤᠨ ᠳᠤ ︽ᠨᠠᠶᠢᠷ︾ ᠨᠢ ᠨᠡᠩ ᠴᠤ ᠤᠯᠠᠨ ᠲᠦᠮᠡᠨ ᠤ ᠰᠣᠶᠣᠯ ᠤᠨ ᠲᠠᠪᠴᠠᠩ ᠪᠤᠯᠵᠤ᠂ ᠮᠠᠯᠴᠢᠳ ᠤᠨ ᠪᠠᠶᠠᠨ ᠴᠢᠨᠡᠭᠡᠯᠢᠭ ᠠᠮᠢᠳᠤᠷᠠᠯ ᠢ ᠬᠠᠷᠠᠭᠤᠯᠬᠤ ᠰᠡᠳᠬᠢᠯ ᠤᠨ ᠠᠨᠢᠰᠤ ᠪᠤᠯᠤᠭᠰᠠᠨ ᠪᠠᠶᠢᠨ᠎ᠠ᠃    ︽ᠤᠷᠳᠤᠰ ᠨᠠᠶᠢᠷ ᠢᠶᠠᠨ ᠨᠠᠩ ᠰᠠᠶᠢᠬᠠᠨ ᠬᠦᠭᠵᠢᠬᠦᠯᠵᠤ ᠲᠡᠯᠭᠡᠷᠠᠬᠦᠯᠵᠤ ᠤᠯᠠᠮᠵᠢᠯᠠᠵᠤ ᠶᠠᠪᠤᠶ᠎ᠡ ᠭᠡᠵᠤ ᠴᠢᠷᠮᠠᠶᠢᠵᠤ ᠶᠠᠪᠤᠵᠤ ᠪᠠᠶᠢᠨ᠎ᠠ᠃ ᠮᠠᠯᠴᠢᠨ ᠲᠦᠮᠡᠨ ᠮᠠᠨᠢ ᠴᠤ ᠠᠮᠠᠷ ᠦᠭᠡᠢ᠂ ᠦᠪᠡᠷ ᠤᠨ ᠢᠵᠠᠭᠤᠷ ᠰᠤᠶᠤᠯ ᠢᠶᠠᠨ ᠭᠡᠭᠡᠭᠲᠠᠬᠦᠯᠵᠤ ᠤᠷᠭᠢᠭᠲᠠᠭᠤᠯᠬᠤ ᠦᠭᠡᠢ ᠬᠠᠲᠠᠭᠠᠯᠠᠵᠤ ᠶᠠᠪᠤᠶ᠎ᠡ ᠭᠡᠵᠤ ᠲᠠᠶᠠᠭᠠᠷ ᠢᠶᠠᠨ ᠴᠢᠷᠮᠡᠶᠢᠵᠤ ᠪᠠᠶᠢᠨ᠎ᠠ᠃ ︿ᠲᠥᠮᠡᠨ ᠤ ᠬᠥᠴᠤᠨ ᠳᠤ ᠠᠭᠤᠯᠠ ᠶᠡᠭᠦᠷᠡᠨ᠎ᠡ﹀ ᠭᠡᠭᠴᠢ ᠪᠠᠷ ᠪᠢᠳᠠ ᠴᠢᠳᠠᠳᠠᠭ ᠵᠦᠢᠯ ᠢᠶᠠᠨ ᠬᠢᠭᠡᠳ ᠪᠠᠶᠢᠬᠤ ᠳᠤ ᠪᠤᠯᠤᠨ᠎ᠠ᠂ ᠪᠤᠰᠤᠳ ᠢ ᠴᠠᠭ ᠬᠤᠭᠤᠴᠠᠭ᠎ᠠ ᠯᠠ ᠥᠨᠡᠯᠡᠬᠦ ᠪᠠᠶᠢᠬᠤ ᠳ᠋ᠠ︾ ᠭᠡᠵᠤ ᠣᠲᠤᠭ ᠬᠤᠰᠢᠭᠤᠨ ᠤ ᠤᠷᠲᠤᠰ ᠢᠵᠠᠭᠤᠷ ᠨᠠᠶᠢᠷ ᠤᠨ ᠨᠡᠶᠢᠭᠡᠮᠯᠢᠭ ᠢ ᠡᠬᠦᠰᠭᠡᠨ ᠪᠠᠶᠢᠭᠤᠯᠤᠭᠴᠢ ᠡᠷᠲᠡᠨᠢᠬᠤᠸᠠᠷ ᠤᠳᠬ᠎ᠠ ᠤᠷᠠᠯᠢᠭ ᠤᠨ ᠥᠨᠳᠤᠷ ᠲᠥᠪᠰᠢᠨ ᠠᠴᠠ ᠬᠤᠯᠠ ᠶᠢ ᠬᠠᠷᠠᠵᠤ᠂ ᠴᠠᠭᠠᠨ᠎ᠠ ᠶᠢ ᠰᠡᠳᠬᠢᠨ ᠤᠴᠢᠷᠯᠠᠵᠤ ᠶᠠᠷᠢᠯ᠎ᠠ᠃    ᠤᠷᠳᠤᠰ ᠨᠤᠳᠤᠭ ᠤᠨ ᠰᠤᠶᠤᠯ ᠤᠨ ᠲᠠᠯᠠᠰᠲᠤ ᠪᠤᠯᠤᠭᠰᠠᠨ ᠤᠷᠳᠤᠰ ᠨᠠᠶᠢᠷ ᠨᠢ ᠥᠡᠭᠭᠡ ᠲᠠᠢ᠂ ᠥᠭᠡᠳᠡ ᠲᠠᠢ᠂ ᠥᠨᠢᠷ ᠥᠳᠭᠡᠨ ᠬᠥᠭᠵᠢᠨ ᠲᠡᠯᠭᠡᠷᠡᠭᠦ ᠨᠢ ᠮᠡᠳᠡᠭᠡᠵᠢ᠃
ᠢᠷᠡᠯᠲᠡ᠄ ᠣᠷᠳᠣᠰ ᠤᠨ ᠡᠳᠦᠷ ᠦᠨ ᠰᠣᠨᠢᠨ