ᠡᠶᠢᠮᠦ ᠡᠯᠧᠺᠲᠷᠣᠨ ᠲᠠᠮᠠᠬᠢ ᠲᠠᠢ ᠪᠢᠲᠡᠭᠡᠶ ᠤᠶᠢᠷᠠᠳ︕᠂ ᠲᠡᠬᠦᠨ ᠢ ᠲᠠᠳᠠᠪᠠᠯ ᠬᠤᠤᠷ ᠲᠠᠲᠠᠬᠤ ᠰᠢᠨᠤᠯ ᠲᠠᠢ ᠪᠤᠯᠤᠨ᠎ᠠ
ᠨᠡᠶᠢᠲᠡᠯᠡᠭᠰᠡᠨ ᠴᠠᠭ᠄
2023/9/11
    ᠣᠶᠢᠷ᠎ᠠ ᠳᠤ ᠬᠠᠶᠢᠨᠠᠨ ᠤ ᠴᠠᠭᠳᠠᠭᠠᠨ ᠤ ᠲᠠᠯ᠎ᠠ ᠶᠢᠨ ᠬᠢᠨ ᠮᠤᠵᠢ ᠠᠯᠤᠰᠯᠠᠨ ᠬᠤᠤᠷᠲᠤ ᠡᠳ᠋ ᠫᠠᠨᠽᠠᠯᠠᠭᠰᠠᠨ ᠬᠡᠷᠡᠭ ᠢ ᠠᠮᠵᠢᠯᠲᠠ ᠲᠠᠢ ᠪᠠᠷ ᠳᠡᠩᠨᠡᠨ ᠢᠯᠡᠷᠡᠭᠦᠯᠵᠦ᠂ ᠬᠤᠤᠷᠲᠤ ᠡᠳ᠋ ᠠᠭᠤᠯᠤᠭᠰᠠᠨ ᠪᠦᠷᠢᠯᠳᠦᠬᠦᠨ ᠲᠠᠢ ᠡᠯᠧᠺᠲᠷᠣᠨ ᠲᠠᠮᠠᠬᠢ ᠫᠠᠨᠽᠠᠯᠠᠬᠤ ᠪᠠᠷ ᠭᠤᠤᠯ ᠪᠣᠯᠭᠠᠭᠰᠠᠨ ᠨᠢᠭᠡ ᠵᠤᠷᠪᠤᠰ ᠰᠦᠯᠵᠢᠶ᠎ᠡ ᠪᠠᠷ ᠡᠯᠧᠺᠲᠷᠣᠨ ᠲᠠᠮᠠᠬᠢ ᠫᠠᠨᠽᠠᠯᠠᠳᠠᠭ  ᠵᠠᠮ ᠢ  ᠲᠠᠰᠤᠯᠤᠬᠰᠠᠨ‌‍ᠪᠠᠶᠢᠨ᠎ᠠ᠃    ︽ᠮᠢᠨᠴᠦᠭᠦᠷᠡᠭᠦᠯᠬᠦ︾ ᠪᠠᠷ ᠬᠤᠤᠷᠲᠤ ᠡᠳ᠋ ᠢ ᠤᠷᠤᠯᠠᠭᠤᠯᠵᠤ ᠢ ᠲᠦᠸᠧ ᠮᠢ ᠡᠰᠲ᠋ᠧᠷ ᠢ ︽ᠲᠤᠯᠤᠭᠠᠢ ᠳᠤ ᠭᠠᠷᠬᠤ︾ ᠡᠯᠧᠺᠲᠷᠣᠨ ᠲᠠᠮᠠᠬᠢ ᠳᠤ ᠬᠤᠯᠢᠵᠦ ᠣᠷᠣᠭᠤᠯᠪᠡ᠃    ᠬᠠᠶᠢᠨᠠᠨ ᠤ ᠴᠠᠭᠳᠠᠭᠠᠨ ᠤ ᠲᠠᠯ᠎ᠠ ᠶᠢᠨ ᠬᠢᠨ ᠰᠤᠷᠪᠤᠯᠵᠢᠯᠠᠨ ᠪᠠᠶᠢᠴᠠᠭᠠᠬᠤ ᠳᠤᠮᠳᠠ ᠪᠠᠨ᠂  ᠠᠷᠢᠬᠢᠨ  ᠮᠤᠬᠤᠯᠠᠭ  ᠲᠤ ᠵᠠᠷᠢᠮ ᠵᠠᠯᠠᠭᠤᠴᠤᠳ ᠨᠢᠭᠡ ᠵᠦᠢᠯ ᠤᠨ ᠰᠢᠨ᠎ᠡ ᠬᠡᠯᠪᠡᠷᠢ ᠶᠢᠨ ︽ᠲᠤᠯᠤᠭᠠᠢ ᠳᠤ ᠭᠠᠷᠬᠤ︾ ᠡᠯᠧᠺᠲᠷᠣᠨ ᠲᠠᠮᠠᠬᠢ ᠶᠢ ᠲᠠᠲᠠᠭᠰᠠᠨ ᠤ ᠳᠠᠷᠠᠭ᠎ᠠ᠂ ᠲᠣᠯᠣᠭᠠᠶ ᠨᠢ ᠡᠷᠭᠢᠵᠦ ᠨᠢᠳᠦ ᠡᠷᠢᠶᠡᠯᠵᠡᠬᠦ ᠪᠠ ᠠᠷᠢᠬᠢᠨ ᠳᠤ ᠰᠣᠭᠲᠣᠬᠰᠠᠨ ᠮᠡᠳᠦ  ᠪᠠᠶᠢᠳᠠᠯ  ᠭᠠᠷᠴᠤ  ᠪᠠᠶᠢᠬᠤ  ᠵᠢ‌ᠤᠯᠵᠤ ᠮᠡᠳᠡᠪᠡ᠃    ᠢᠡᠭᠭᠢᠭᠡᠳ᠂ ᠴᠠᠭᠳᠠᠭᠠᠨ ᠤ ᠲᠠᠯ᠎ᠠ ᠶᠢᠨ ᠬᠢᠨ ᠶᠠᠭᠤᠨ ᠤ ᠡᠮᠦᠨ᠎ᠡ ᠬᠤᠤᠷᠲᠤ  ᠡᠳ᠋ ᠲᠤ ᠬᠤᠯᠪᠣᠭᠳᠠᠭᠰᠠᠨ ᠬᠡᠷᠡᠭ ᠢ ᠳᠡᠩᠨᠡᠨ ᠪᠠᠶᠢᠴᠠᠭᠠᠪᠠ᠂ ᠬᠡᠳᠡᠯ᠎ᠡ ᠲᠤᠬᠠᠶ ᠶᠢᠨ ᠬᠥᠮᠦᠨ ᠳᠤ ᠰᠢᠭᠡᠰᠦᠨ ᠤ ᠪᠠᠶᠢᠴᠠᠭᠠᠯᠲᠠ ᠬᠢᠭᠰᠡᠨ ᠳᠤ᠂ ᠤᠯᠠᠮᠵᠢᠯᠠᠯᠲᠤ ᠬᠤᠤᠷᠲᠤ ᠡᠳ᠋ ᠢᠯᠡᠷᠡᠭᠰᠡᠨ ᠥᠬᠡᠶ᠃ ᠭᠡᠪᠡᠴᠦ ᠡᠲᠡᠭᠡᠷ ᠬᠥᠮᠦᠰ ᠤᠨ ᠪᠡᠶ᠎ᠡ ᠳᠡᠭᠡᠷ᠎ᠡ ᠢᠯᠡᠷᠡᠭᠰᠡᠨ ᠰᠣᠨᠢᠨ ᠵᠢᠭᠲᠡᠶ ᠢᠯᠡᠷᠡᠯ ᠵᠢᠴᠢ ᠲᠣᠰ ᠡᠯᠧᠺᠲᠷᠣᠨ ᠲᠠᠮᠠᠬᠢ ᠶᠢᠨ ᠦᠨᠳᠦᠷ ᠦᠨ᠎ᠡ ᠬᠠᠩᠰᠢ ᠨᠢ ᠬᠤᠤᠷ ᠴᠠᠭᠠᠵᠠᠯᠠᠬᠤ ᠠᠷᠠᠳ ᠤᠨ  ᠴᠠᠭᠳᠠᠭ᠎ᠠ ᠳᠤ  ᠬᠡᠪ ᠤᠨ ᠪᠤᠰᠤ ᠲᠥᠷᠥᠭᠳᠡᠯ ᠥᠭᠴᠡᠶ᠃    ᠬᠠᠶᠢᠨᠠᠨ ᠮᠤᠵᠢ ᠶᠢᠨ ᠳ᠋ᠢᠩ ᠠᠨ ᠰᠢᠶᠠᠨ ᠤ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠬᠤᠤᠷ ᠴᠠᠭᠠᠵᠠᠯᠠᠬᠤ  ᠶᠡᠭᠡ‌ᠠᠩᠭᠢ ᠶᠢᠨ ᠠᠷᠠᠳ ᠤᠨ ᠴᠠᠭᠳᠠᠭ᠎ᠠ᠄ ᠡᠨᠡ ᠡᠯᠧᠺᠲᠷᠣᠨ ᠲᠠᠮᠠᠬᠢ ᠨᠢ ᠮᠠᠰᠢ ᠦᠨᠡᠲᠡᠶ᠂ ᠵᠠᠬ᠎ᠠ  ᠳᠡᠯᠭᠡᠭᠦᠷ ᠲᠠᠬᠢ  ᠬᠡᠪ ᠤᠨ ᠡᠯᠧᠺᠲᠷᠣᠨ ᠲᠠᠮᠠᠬᠢ ᠠᠴᠠ ᠳᠥᠴᠢ ᠠᠴᠠ ᠲᠠᠪᠢᠨ ᠳᠠᠬᠢᠨ ᠦᠨᠡᠲᠡᠶ ᠪᠠᠶᠢᠨ᠎ᠠ᠃ ᠡᠶᠢᠮᠦ ᠡᠯᠧᠺᠲᠷᠣᠨ ᠲᠠᠮᠠᠬᠢ ᠨᠢ ᠪᠠᠰᠠ ᠬᠦᠮᠦᠰ ᠢ ᠮᠠᠰᠢ ᠶᠡᠭᠡ ᠰᠢᠨᠤᠯ ᠲᠠᠢ ᠪᠤᠯᠭᠠᠵᠤ᠂ ᠲᠡᠭᠦᠨ ᠢ ᠲᠠᠲᠠᠭᠰᠠᠨ ᠤ ᠳᠠᠷᠠᠭ᠎ᠠ ᠲᠣᠯᠣᠭᠠᠶ ᠡᠷᠭᠢᠵᠦ ᠳᠤᠷ᠎ᠠ ᠪᠤᠯᠭᠢᠬᠤ᠂  ᠴᠢᠨᠠᠭᠰᠢᠯᠠᠪᠠᠯ ᠮᠠᠨᠠᠷᠠᠵᠤ ᠲᠠᠲᠠᠪᠠᠯᠵᠠᠬᠤ ᠪᠠᠶᠢᠳᠠᠯ ᠭᠠᠷᠳᠠᠭ ᠬᠡᠪᠡ᠃    ᠴᠠᠭᠳᠠᠭᠠᠨ ᠤ ᠲᠠᠯ᠎ᠠ ᠶᠢᠨ ᠬᠢᠨ ᠲᠡᠷᠡ ᠳᠠᠷᠤᠶ ᠳᠤᠨᠢ ᠬᠡᠷᠡᠭ ᠲᠤ ᠬᠤᠯᠪᠣᠭᠳᠠᠭᠰᠠᠨ ᠡᠯᠧᠺᠲᠷᠣᠨ ᠲᠠᠮᠠᠬᠢ ᠶᠢ ᠰᠢᠯᠭᠠᠨ‌‍ᠪᠠᠶᠢᠴᠠᠭᠠᠭᠠᠳ᠂ ᠲᠣᠰ ᠡᠯᠧᠺᠲᠷᠣᠨ  ᠲᠠᠮᠠᠬᠢ ᠶᠢᠨ ᠪᠦᠷᠢᠯᠳᠦᠬᠦᠨ ᠳᠤ ᠢ ᠲᠦᠸᠧ ᠮᠢ ᠡᠰᠲ᠋ᠧᠷ — ᠨᠢᠭᠡ  ᠵᠦᠢᠯ ᠤᠨ ᠤᠰᠤᠨ ᠳᠤ ᠠᠭᠤᠰᠬᠤ ᠥᠬᠡᠶ ᠴᠠᠭᠠᠨ ᠥᠩᠭᠡ ᠲᠠᠢ ᠨᠤᠨᠲᠠᠭ ᠪᠣᠳᠠᠰ ᠠᠭᠤᠯᠤᠭᠳᠠᠵᠤ ᠪᠠᠶᠢᠬᠤ ᠶᠢ ᠣᠯᠵᠤ  ᠮᠡᠳᠡᠵᠡᠶ᠂ ᠡᠶᠢᠮᠦ ᠨᠤᠨᠲᠠᠭ ᠪᠣᠳᠠᠰ ᠢ ᠭᠤᠤᠯᠳᠠᠭᠤ ᠪᠦᠷᠢᠮᠦᠰᠦᠨ ᠮᠢᠨᠴᠦᠭᠦᠷᠡᠭᠦᠯᠬᠦ ᠥᠳᠥᠭᠡᠯᠲᠡ ᠳᠤ ᠬᠡᠷᠡᠭᠯᠡᠳᠡᠭ ᠪᠦᠭᠡᠳ ᠪᠠᠰᠠ ᠣᠬᠤᠷ ᠴᠠᠭ ᠤᠨ ᠮᠡᠰᠡ ᠵᠠᠰᠠᠯ ᠤᠨ ᠮᠢᠨᠴᠦᠭᠦᠷᠡᠭᠦᠯᠬᠡ ᠳᠤ ᠬᠡᠷᠡᠭᠯᠡᠳᠡᠭ᠃    ᠬᠠᠤᠯᠢ ᠪᠤᠰᠤ ᠡᠲᠡᠭᠡᠳ ᠨᠢ ᠶᠠᠭ ᠰᠠᠶᠢᠬᠠᠨ ᠢ  ᠲᠦᠸᠧ  ᠮᠢ ᠡᠰᠲ᠋ᠧᠷ ᠤᠨ  ᠮᠢᠨᠴᠦᠭᠦᠷᠡᠭᠦᠯᠬᠦ ᠦᠢᠯᠡᠳᠦᠯ ᠢ‌ᠠᠰᠢᠬᠯᠠᠨ᠂ ᠬᠤᠤᠷᠲᠤ ᠡᠳ᠋ ᠢ ᠣᠷᠣᠯᠠᠬᠤ ᠡᠳ᠋ ᠪᠣᠯᠭᠠᠨ ᠫᠠᠨᠽᠠᠯᠠᠵᠦ ᠪᠤᠢ᠃    ᠲᠤᠬᠠᠶ ᠶᠢᠨ ᠭᠠᠵᠠᠷ ᠲᠤ ᠤᠷᠤᠵᠤ ᠢᠷᠡᠭᠰᠡᠨ ᠡᠯᠧᠺᠲᠷᠣᠨ ᠲᠠᠮᠠᠬᠢ ᠶᠢ ᠸᠧᠨ ᠴᠠᠩ ᠨᠤᠳᠤᠭ ᠲᠠᠢ ᠶᠠᠩ ᠣᠪᠣᠭᠲᠤ ᠡᠷᠡᠭᠲᠡᠶ ᠭᠤᠸᠠᠩᠳᠦ᠋ᠩ ᠠᠴᠠ ᠬᠤᠳᠠᠯᠳᠤᠵᠤ  ᠠᠪᠴᠢᠷᠠᠭᠰᠠᠨ ᠢ ᠠᠷᠠᠳ ᠤᠨ ᠴᠠᠭᠳᠠᠭ᠎ᠠ ᠲᠠᠩᠨᠠᠨ ᠪᠠᠶᠢᠴᠠᠭᠠᠭᠠᠳ ᠤᠯᠵᠤ ᠮᠡᠳᠡᠵᠡᠢ᠃    ᠶᠠᠩ ᠣᠪᠣᠭᠲᠤ ᠠᠩᠬ᠎ᠠ ᠤᠳᠠᠭ᠎ᠠ ︽ᠲᠤᠯᠤᠭᠠᠢ ᠳᠤ ᠭᠠᠷᠬᠤ︾ ᠡᠯᠧᠺᠲᠷᠣᠨ ᠲᠠᠮᠠᠬᠢ ᠲᠠᠢ ᠤᠶᠢᠷᠠᠳᠤᠬᠰᠠᠨ ᠶᠠᠪᠤᠳᠠᠯ ᠬᠡᠪᠡᠯ᠂ ᠨᠢᠭᠡ ᠤᠳᠠᠭ᠎ᠠ ᠬᠤᠤᠷ ᠤᠨ ᠰᠢᠨᠤᠯ ᠨᠢ ᠬᠥᠳᠡᠯᠦᠭᠰᠡᠨ ᠤ ᠳᠠᠷᠠᠭ᠎ᠠ᠂ ᠨᠢᠭᠡ ᠨᠠᠶᠢᠵᠠ ᠠᠴᠠ ᠪᠠᠨ ᠡᠶᠢᠮᠦ  ᠡᠯᠧᠺᠲᠷᠣᠨ ᠲᠠᠮᠠᠬᠢ ᠶᠢ ᠲᠠᠳᠠᠪᠠᠯ ᠪᠤᠯᠤᠨ᠎ᠠ ᠭᠡᠳᠡᠭ ᠢ ᠤᠯᠵᠤ ᠮᠡᠳᠡᠵᠡᠢ ᠃ ᠢᠡᠭᠭᠢᠭᠡᠳ ᠶᠠᠩ ᠣᠪᠣᠭᠲᠤ ᠬᠠᠤᠯᠢ ᠪᠤᠰᠤ ᠠᠷᠭ᠎ᠠ ᠵᠠᠮ ᠢ ᠨᠢ ᠤᠯᠤᠭᠠᠳ᠂ ︽ᠲᠤᠯᠤᠭᠠᠢ ᠳᠤ ᠭᠠᠷᠬᠤ︾ ᠡᠯᠧᠺᠲᠷᠣᠨ ᠲᠠᠮᠠᠬᠢ ᠪᠠᠷ ᠬᠤᠣᠷᠲᠤ ᠡᠳ᠋ ᠢ ᠤᠷᠤᠯᠠᠭᠤᠯᠵᠤ  ᠪᠣᠯᠤᠨ᠎ᠠ ᠭᠡᠵᠦ ᠦᠵᠡᠭᠡᠳ ᠶᠦᠨ ᠣᠪᠣᠭᠲᠤ ᠬᠠᠮᠰᠠᠭᠠᠲᠠᠨ ᠢᠶᠠᠨ ᠲᠠᠲᠠᠵᠤ ᠲᠡᠭᠦᠨ ᠲᠠᠢ ᠬᠠᠮᠲᠤ ᠪᠠᠷ ᠡᠯᠧᠺᠲᠷᠣᠨ ᠲᠠᠮᠠᠬᠢ ᠫᠠᠨᠽᠠᠯᠠᠪᠠ᠃
ᠢᠷᠡᠯᠲᠡ᠄ ᠣᠷᠳᠣᠰ ᠤᠨ ᠡᠳᠦᠷ ᠦᠨ ᠰᠣᠨᠢᠨ