ᠨᠠᠰᠤᠨ ᠳᠤ ᠦᠯᠦ ᠬᠦᠷᠦᠭᠰᠡᠳ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠵᠢᠯᠣᠭᠤᠳᠴᠤ ᠠᠳᠡᠯ ᠭᠠᠷᠪᠠᠯ ᠲᠥᠯᠥᠪᠦᠷᠢ ᠶᠢᠨ ᠬᠠᠷᠢᠭᠤᠴᠠᠯᠭ᠎ᠠ ᠶᠢ ᠬᠡᠨ ᠡᠭᠦᠷᠭᠡᠯᠡᠬᠦ ᠪᠤᠶ︖
ᠨᠡᠶᠢᠲᠡᠯᠡᠭᠰᠡᠨ ᠴᠠᠭ᠄
2023/9/18
     ᠰᠢᠭᠦᠬᠦ ᠬᠤᠷᠢᠶ᠎ᠠ᠄ ᠢᠷᠭᠡᠨ ᠤ ᠬᠡᠷᠡᠭ ᠤᠨ ᠠᠵᠢᠯᠯᠠᠭ᠎ᠠ ᠶᠢᠨ ᠴᠢᠳᠠᠪᠤᠷᠢ ᠨᠢ ᠬᠢᠵᠠᠭᠠᠷᠲᠠᠢ ᠬᠥᠮᠦᠨ ᠬᠡᠷᠪᠡ ᠪᠤᠰᠤᠳ ᠬᠥᠮᠦᠨ ᠳᠤ ᠬᠤᠬᠢᠷᠠᠯ ᠤᠴᠠᠷᠠᠭᠤᠯᠤᠭᠰᠠᠨ ᠪᠤᠯ ᠬᠢᠨᠠᠨ ᠬᠠᠮᠠᠭᠠᠯᠠᠭᠴᠢ ᠨᠢ ᠡᠷᠬᠡ ᠳᠤ ᠬᠠᠯᠳᠠᠭᠰᠠᠨ ᠬᠠᠷᠢᠭᠤᠴᠠᠯᠭ᠎ᠠ ᠡᠭᠦᠷᠭᠡᠯᠡᠨ᠎ᠡ     ᠠᠷᠠᠳ ᠤᠨ ᠡᠳᠦᠷ ᠤᠨ ᠰᠣᠨᠢᠨ ᠤ ᠮᠡᠳᠡᠭᠡ ︵ᠰᠤᠷᠪᠤᠯᠵᠢᠯᠠᠭᠴᠢ ᠮᠧᠶ ᠬᠦᠶ ᠴᠢᠮᠡᠭᠡᠯᠡᠭᠴᠢ ᠹᠠᠨ ᠹᠠᠨ︶ ᠨᠠᠰᠤᠨ ᠳᠤ ᠥᠯᠥ ᠭᠦᠷᠦᠭᠰᠡᠳ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠵᠢᠯᠣᠭᠤᠳᠤᠨ ᠵᠠᠮ ᠳᠤ ᠭᠠᠷᠤᠭᠠᠳ ᠬᠡᠷᠪᠡ ᠵᠠᠮ ᠬᠠᠷᠢᠯᠴᠠᠭᠠᠨ ᠤ ᠠᠳᠡᠯ ᠭᠠᠷᠭᠠᠪᠠᠯ ᠡᠷᠬᠡ ᠳᠤ ᠬᠠᠯᠳᠠᠭᠰᠠᠨ ᠬᠠᠷᠢᠭᠤᠴᠠᠯᠭ᠎ᠠ ᠶᠢ ᠬᠡᠨ ᠡᠭᠦᠷᠭᠡᠯᠡᠬᠦ  ᠪᠣᠶ︖  ᠣᠶᠢᠷ᠎ᠠ ᠳᠤ ᠬᠤᠪᠸᠢ ᠮᠤᠵᠢ ᠶᠢᠨ ᠰᠦᠢᠵᠧᠦ ᠬᠤᠲᠠ ᠶᠢᠨ ᠽᠸᠡᠭ ᠳ᠋ᠦ᠋  ᠲᠣᠭᠤᠷᠢᠭ ᠤᠨ ᠠᠷᠠᠳ ᠤᠨ ᠰᠢᠭᠦᠬᠦ ᠬᠤᠷᠢᠶ᠎ᠠ ᠮᠠᠰᠢᠨᠲᠤ ᠪᠤᠰᠤ ᠲᠡᠷᠭᠡᠨ ᠤ ᠵᠠᠮ ᠬᠠᠷᠢᠯᠴᠠᠭᠠᠨ ᠤ ᠠᠳᠡᠯ ᠤᠨ ᠬᠠᠷᠢᠭᠤᠴᠠᠯᠭ᠎ᠠ ᠶᠢᠨ ᠵᠢᠭᠤᠷᠠᠯᠳᠤᠭᠠᠨ ᠤ ᠬᠡᠷᠡᠭ ᠢ ᠰᠢᠭᠦᠨ  ᠰᠢᠢᠳᠪᠦᠷᠢᠯᠡᠵᠦ᠂ ᠵᠠᠭᠠᠯᠳᠤᠭᠳᠠᠭᠴᠢ ᠴᠧᠨ ᠣᠪᠣᠭᠲᠤ ᠶᠢᠨ ᠬᠢᠨᠠᠨ ᠬᠠᠮᠠᠭᠠᠯᠠᠭᠴᠢ ᠪᠠᠷ ᠵᠠᠮ ᠬᠠᠷᠢᠯᠴᠠᠭᠠᠨ ᠤ ᠠᠳᠡᠯ ᠠᠴᠠ ᠪᠣᠯᠤᠭᠰᠠᠨ ᠵᠠᠭᠠᠯᠳᠤᠭᠴᠢ ᠶᠢᠨ ᠬᠤᠬᠢᠷᠠᠯ ᠢ 1.2 ᠲᠦᠮᠡᠨ ᠲᠥᠭᠦᠷᠢᠭ ᠳᠥᠯᠥᠭᠦᠯᠬᠦ ᠪᠠᠷ ᠲᠡᠰᠦᠯᠵᠡᠶ᠃      ᠯᠸᠢ ᠣᠪᠣᠭᠲᠤ ᠪᠣᠯᠤᠨ ᠴᠧᠨ ᠣᠪᠣᠭᠲᠤ ᠪᠣᠯ ᠬᠠᠮᠲᠤ ᠰᠤᠷᠤᠯᠭᠠᠲᠠᠨ ᠮᠥᠨ᠃ 2022 ᠣᠨ ᠤ  7  ᠰᠠᠷ᠎ᠠ ᠶᠢᠨ29᠎ ᠤ ᠡᠳᠦᠷ᠂ ᠰᠤᠷᠭᠠᠭᠤᠯᠢ  ᠲᠠᠷᠬᠠᠭᠰᠠᠨ ᠤ  ᠳᠠᠷᠠᠭ᠎ᠠ  ᠴᠧᠨ ᠣᠪᠣᠭᠲᠤ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠵᠢᠯᠣᠭᠤᠳᠤᠨ ᠯᠸᠢ ᠣᠪᠣᠭᠲᠤ ᠶᠢ ᠰᠤᠨᠲᠠᠯᠠᠭᠤᠯᠵᠤ ᠰᠦᠢᠵᠧᠦ ᠬᠤᠲᠠ ᠶᠢᠨ ᠶᠢᠩ ᠪᠢᠨ ᠶᠡᠭᠡ ᠵᠠᠮ ᠤᠨ  ᠪᠢᠨ ᠬᠤ᠋ ᠸᠠᠨ ᠤ ᠡᠮᠤᠨᠡᠭᠦᠷ ᠦᠡᠭᠭᠡᠷᠡᠬᠦ ᠵᠠᠮ ᠤᠨ ᠬᠡᠰᠡᠭ ᠲᠤ ᠬᠦᠷᠬᠦ ᠳᠤ  ᠨᠥᠭᠦᠭᠡ  ᠨᠢᠭᠡ ᠴᠠᠬᠢᠯᠭᠠᠨ ᠬᠥᠳᠡᠯᠭᠡᠭᠦᠷᠲᠦ ᠳᠤᠭᠤᠶ  ᠲᠡᠷᠭᠡᠨ ᠤ ᠡᠵᠡᠨ ᠲᠠᠢ ᠮᠥᠷᠭᠦᠯᠳᠦᠵᠦ᠂ ᠯᠸᠢ ᠣᠪᠣᠭᠲᠤ ᠰᠢᠷᠬᠠᠲᠤᠭᠰᠠᠨ ᠪᠠ ᠬᠤᠶᠠᠷ ᠲᠡᠷᠭᠡ ᠬᠤᠬᠢᠷᠠᠭᠰᠠᠨ ᠵᠠᠮ  ᠬᠠᠷᠢᠯᠴᠠᠭᠠᠨ ᠤ ᠠᠳᠡᠯ ᠭᠠᠷᠭᠠᠵᠠᠶ᠃ ᠵᠠᠮ ᠬᠠᠷᠢᠯᠴᠠᠭᠠᠨ ᠤ ᠴᠠᠭᠳᠠᠭ᠎ᠠ ᠨᠠᠷ᠂ ᠴᠧᠨ ᠣᠪᠣᠭᠲᠤ ᠡᠨᠡ ᠤᠳᠠᠭᠠᠨ ᠤ ᠠᠳᠡᠯ ᠤᠨ ᠳᠡᠳ᠋ ᠬᠠᠷᠢᠭᠤᠴᠠᠯᠭ᠎ᠠ ᠶᠢ ᠡᠭᠦᠷᠭᠡᠯᠡᠨ᠎ᠡ᠂ ᠯᠸᠢ ᠣᠪᠣᠭᠲᠤ ᠬᠠᠷᠢᠭᠤᠴᠠᠯᠭ᠎ᠠ ᠡᠭᠦᠷᠭᠡᠯᠡᠬᠦ ᠦᠭᠡᠢ ᠭᠡᠵᠦ ᠮᠠᠭᠠᠳᠯᠠᠨ ᠲᠤᠬᠳᠠᠭᠠᠪᠠ᠃  ᠯᠸᠢ ᠣᠪᠣᠭᠲᠤ ᠡᠮᠨᠡᠯᠭᠡ ᠠᠴᠠ ᠭᠠᠷᠤᠭᠰᠠᠨ ᠤ ᠳᠠᠷᠠᠭ᠎ᠠ ᠴᠧᠨ ᠣᠪᠣᠭᠲᠤ ᠲᠠᠢ ᠵᠥᠪᠳᠡᠯᠴᠡᠨ ᠶᠠᠷᠢᠯᠴᠠᠬᠰᠠᠨ ᠪᠤᠯᠪᠠᠴᠤ ᠲᠥᠯᠥᠪᠦᠷᠢ  ᠥᠭᠭᠦᠭᠰᠡᠨ‌ᠦᠭᠡᠶ ᠪᠤᠯᠬᠤᠷ ᠴᠧᠨ ᠣᠪᠣᠭᠲᠤ ᠶᠢ ᠰᠢᠭᠦᠬᠦ ᠬᠤᠷᠢᠶ᠎ᠠ ᠳᠤ ᠵᠠᠭᠠᠯᠳᠤᠵᠤ᠂ ᠲᠡᠭᠦᠨ ᠤ ᠡᠯ᠎ᠡ ᠵᠦᠢᠯ ᠤᠨ ᠠᠵᠤ  ᠠᠬᠤᠶ ᠶᠢᠨ ᠬᠤᠬᠢᠷᠠᠯ ᠨᠡᠶᠢᠲᠡ 1.5 ᠲᠦᠮᠡ ᠭᠠᠷᠤᠶ ᠲᠥᠭᠦᠷᠢᠭ ᠳᠥᠯᠥᠭᠦᠯᠬᠦ ᠪᠠᠷ ᠱᠠᠭᠠᠷᠳᠠᠵᠠᠶ᠃     ᠰᠢᠭᠦᠬᠦ ᠬᠤᠷᠢᠶ᠎ᠠ ᠰᠢᠭᠦᠭᠰᠡᠨ ᠤ ᠲᠠᠷᠠᠭ᠎ᠠ᠂ ᠦᠢᠯᠠ ᠠᠵᠢᠯᠯᠠᠭᠠᠳᠠᠨ ᠤ ᠪᠤᠷᠤᠭᠤ ᠠᠴᠠ ᠪᠤᠯᠵᠤ ᠪᠤᠰᠤᠳ ᠤᠨ ᠢᠷᠭᠡᠨ ᠤ ᠬᠡᠷᠡᠭ ᠤᠨ ᠡᠷᠬᠡ ᠳᠤ ᠬᠠᠯᠳᠠᠭᠰᠠᠨ ᠪᠠᠶᠢᠪᠠᠯ᠂ ᠡᠷᠬᠡ ᠳᠤ ᠬᠠᠯᠳᠠᠭᠰᠠᠨ ᠬᠠᠷᠢᠭᠤᠴᠠᠯᠭ᠎ᠠ ᠡᠭᠦᠷᠭᠡᠯᠡᠬᠦ ᠬᠡᠷᠡᠭᠲᠡᠢ᠃ ᠵᠠᠭᠠᠯᠳᠤᠭᠳᠠᠭᠴᠢ ᠴᠧᠨ ᠣᠪᠣᠭᠲᠤ ᠬᠡᠳᠦ᠋ᠢᠪᠡᠷ ᠪᠦᠬᠦᠯᠢ 17 ᠨᠠᠰᠤ ᠬᠦᠷᠦᠭᠰᠡᠨ  ᠪᠣᠯᠪᠠᠴᠤ  ᠮᠥᠨ ᠯᠡ ᠨᠠᠰᠤᠨ ᠳᠤ ᠦᠯᠦ ᠬᠦᠷᠦᠭᠰᠡᠳ ᠪᠠᠶᠢᠬᠰᠠᠭᠠᠷ ᠲᠤᠯᠠ ᠢᠷᠭᠡᠨ ᠤ ᠬᠡᠷᠡᠭ ᠤᠨ ᠠᠵᠢᠯᠯᠠᠭ᠎ᠠ ᠶᠢᠨ ᠴᠢᠳᠠᠪᠤᠷᠢ ᠨᠢ ᠬᠢᠵᠠᠭᠠᠷᠲᠠᠢ ᠬᠥᠮᠦᠨ ᠳᠤ ᠲᠤᠭᠠᠴᠠᠬᠳᠠᠨ᠎ᠠ᠂ ᠲᠡᠭᠦᠨ ᠤ ᠪᠤᠰᠤᠳ ᠬᠥᠮᠦᠨ ᠳᠤ ᠬᠤᠬᠢᠷᠠᠯ ᠤᠴᠠᠷᠠᠭᠤᠯᠤᠭᠰᠠᠨ  ᠶᠠᠪᠤᠳᠠᠯ ᠢ ᠬᠢᠨᠠᠨ ᠬᠠᠮᠠᠭᠠᠯᠠᠭᠴᠢ ᠨᠢ ᠡᠷᠬᠡ ᠳᠤ ᠬᠠᠯᠳᠠᠭᠰᠠᠨ ᠬᠠᠷᠢᠭᠤᠴᠠᠯᠭ᠎ᠠ ᠡᠭᠦᠷᠭᠡᠯᠡᠨ᠎ᠡ ᠭᠡᠵᠦ ᠦᠵᠡᠭᠡᠳ ᠰᠢᠭᠦᠬᠦ ᠬᠤᠷᠢᠶ᠎ᠠ ᠲᠡᠷᠡ ᠳᠣᠣᠷ᠎ᠠ ᠨᠢ ᠲᠡᠭᠡᠷᠡᠬᠢ ᠲᠠᠰᠤᠯᠤᠯᠲᠠ ᠶᠢ ᠭᠠᠷᠭᠠᠪᠠ᠃
ᠢᠷᠡᠯᠲᠡ᠄ ᠣᠷᠳᠣᠰ ᠤᠨ ᠡᠳᠦᠷ ᠦᠨ ᠰᠣᠨᠢᠨ