ᠣᠲᠤᠭ ᠤᠨ ᠡᠮᠦᠨᠡᠲᠦ ᠬᠤᠰᠢᠭᠤᠨ ᠤ ︽ᠲᠠᠯ᠎ᠠ ᠨᠤᠲᠤᠭ ᠤᠨ VA︾ ᠲᠠᠪᠤᠨ ᠮᠤᠵᠢ ᠣᠷᠣᠨ ᠤ ᠮᠠᠯᠴᠢᠨ ᠲᠠᠷᠢᠶᠠᠴᠢᠨ ᠤ ᠠᠯᠠᠭᠠᠳᠠᠬᠤ ᠪᠥᠮᠪᠦᠭᠡ ᠶᠢᠨ ᠤᠷᠢᠯᠭ᠎ᠠ ᠶᠢᠨ ᠤᠷᠤᠯᠳᠤᠭᠠᠨ ᠠᠮᠵᠢᠯᠲᠠ ᠲᠠᠢ ᠲᠡᠭᠦᠰᠴᠠᠢ
ᠨᠡᠶᠢᠲᠡᠯᠡᠭᠰᠡᠨ ᠴᠠᠭ᠄
2023/9/18
    ᠤᠯᠵᠠᠴᠢ ᠶᠢᠨ ᠮᠡᠳᠡᠭᠡ ᠲᠦᠷᠦᠬᠦᠭᠡᠨ᠂ ᠣᠲᠤᠭ ᠤᠨ ᠡᠮᠦᠨᠡᠲᠦ ᠬᠤᠰᠢᠭᠤᠨ ᠤ ︽ᠲᠠᠯ᠎ᠠ ᠨᠤᠲᠤᠭ ᠤᠨ VA︾ ︵ᠥᠪᠥᠷ ᠮᠣᠩᠭᠤᠯ ᠱᠠᠨᠰᠢ ᠭᠠᠨᠰᠤ ᠨᠢᠩᠰᠢᠶᠠ ᠱᠠᠨ ᠰᠢ︶ ᠲᠠᠪᠤᠨ ᠮᠤᠵᠢ ᠣᠷᠣᠨ ᠤ ᠮᠠᠯᠴᠢᠨ ᠲᠠᠷᠢᠶᠠᠴᠢᠨ ᠤ ᠠᠯᠠᠭᠠᠳᠠᠬᠤ ᠪᠥᠮᠪᠦᠭᠡ ᠶᠢᠨ ᠤᠷᠢᠯᠭ᠎ᠠ ᠶᠢᠨ ᠤᠷᠤᠯᠳᠤᠭᠠᠨ ᠤᠳᠤᠭ ᠤᠨ ᠡᠮᠦᠨᠡᠳᠤ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ ᠶᠢᠨ ᠪᠡᠶ᠎ᠡ ᠶᠢᠨ ᠲᠠᠮᠢᠷ ᠤᠨ ᠣᠷᠳᠣᠨ ᠳᠤ ᠠᠮᠵᠢᠯᠲᠠ ᠲᠠᠢ ᠥᠨᠳᠥᠷᠯᠡᠪᠡ᠃    ᠲᠤᠰ ᠤᠳᠠᠭ᠎ᠠ ᠶᠢᠨ ᠤᠷᠤᠯᠳᠤᠭᠠᠨ 4 ᠡᠳᠦᠷ ᠶᠠᠪᠤᠭᠳᠠᠵᠤ᠂ ᠤᠷᠤᠯᠳᠤᠭᠠᠨ ᠢ ᠡᠷᠡᠭᠲᠡᠢ ᠶᠢᠨ ᠳᠤᠭᠤᠶᠢᠯᠠᠩ᠂ ᠡᠮᠡᠭᠲᠡᠢ ᠶᠢᠨ ᠳᠤᠭᠤᠶᠢᠯᠠᠩ᠂ ᠡᠷᠡᠭᠳᠡᠢ ᠡᠮᠡᠭᠳᠡᠢ ᠵᠠᠯᠠᠭᠤᠴᠤᠳ ᠤᠨ ᠳᠤᠭᠤᠶᠢᠯᠠᠩ᠂ ᠡᠷᠡᠭᠳᠡᠢ ᠡᠮᠡᠭᠳᠡᠢ ᠨᠠᠰᠤᠲᠠᠶᠢᠴᠤᠳ ᠤᠨ ᠳᠤᠭᠤᠶᠢᠯᠠᠩ ᠭᠡᠵᠦ 4 ᠳᠤᠭᠤᠶᠢᠯᠠᠩ ᠬᠤᠪᠢᠶᠠᠵᠤ᠂ ᠥᠪᠥᠷ ᠮᠣᠩᠭᠤᠯ᠂ ᠱᠠᠨᠰᠢ᠂ ᠭᠠᠨᠰᠤ᠂ ᠨᠢᠩᠰᠢᠶᠠ᠂ ᠱᠠᠨ ᠰᠢ ᠵᠡᠷᠭᠡ ᠲᠠᠪᠤᠨ ᠮᠤᠵᠢ ᠣᠷᠣᠨ ᠤ 87 ᠳᠤᠭᠤᠶᠢᠯᠠᠩ ᠤᠨ 800 ᠭᠠᠷᠤᠢ ᠲᠠᠮᠢᠷᠴᠢᠨ ᠤᠷᠤᠯᠳᠤᠭᠠᠨ ᠳᠤ ᠤᠷᠤᠯᠴᠠᠭᠰᠠᠨ ᠪᠠᠶᠢᠨ᠎ᠠ᠃    ᠲᠦᠷᠪᠡᠨ ᠡᠳᠤᠷ ᠤᠨ ᠪᠠᠴᠢᠮ ᠰᠢᠷᠦᠭᠦᠨ ᠭᠤᠶᠢᠳᠠ ᠰᠠᠶᠢᠬᠠᠨ ᠥᠷᠢᠰᠦᠯᠳᠦᠭᠡᠨ ᠢᠶᠠᠷ ᠳᠠᠮᠵᠢᠭᠤᠯᠤᠨ᠂ ᠡᠷᠡᠭᠲᠡᠢ ᠶᠢᠨ ᠳᠤᠭᠤᠶᠢᠯᠠᠩ ᠳᠤ ᠤᠲᠤᠭ ᠬᠤᠰᠢᠭᠤᠨ ᠤ ᠲᠥᠯᠣᠭᠡᠯᠡᠭᠴᠢᠳ ᠤᠨ ᠠᠩᠭᠢ ᠲᠠᠷᠢᠬᠦᠯᠡᠵᠦ᠂ ᠱᠠᠨ ᠰᠢ ᠮᠤᠵᠢ ᠶᠢᠨ ᠲᠠᠶᠢᠶᠤᠸᠠᠨ ᠬᠤᠳᠠ ᠶᠢᠨ ᠲᠥᠯᠣᠭᠡᠯᠡᠭᠴᠢᠳ ᠤᠨ ᠠᠩᠭᠢ ᠳᠡᠳ᠋ᠯᠡᠵᠦ᠂ ᠳ᠋ᠦᠩᠱᠧᠩ ᠲᠣᠭᠤᠷᠢᠭ ᠤᠨ ᠲᠥᠯᠣᠭᠡᠯᠡᠭᠴᠢᠳ ᠤᠨ ᠠᠩᠭᠢ ᠭᠤᠷᠪᠠᠳᠤᠭᠠᠷ ᠲᠤ ᠣᠷᠣᠪᠠ᠃ ᠡᠮᠡᠭᠲᠡᠢ ᠶᠢᠨ ᠳᠤᠭᠤᠶᠢᠯᠠᠩ ᠳᠤ ᠱᠠᠨ ᠰᠢ ᠮᠤᠵᠢ ᠶᠢᠨ ᠲᠠᠶᠢᠶᠤᠸᠠᠨ ᠬᠤᠳᠠ ᠶᠢᠨ ᠲᠥᠯᠣᠭᠡᠯᠡᠭᠴᠢᠳ ᠤᠨ ᠠᠩᠭᠢ ᠲᠠᠷᠢᠬᠦᠯᠡᠵᠦ᠂ ᠨᠢᠩᠰᠢᠶᠠ ᠶᠢᠨ ᠱᠢ ᠽᠦᠢ ᠱᠠᠨ ᠬᠤᠳᠠ ᠶᠢᠨ ᠲᠥᠯᠣᠭᠡᠯᠡᠭᠴᠢᠳ ᠤᠨ ᠠᠩᠭᠢ ᠳᠡᠳ᠋ᠯᠡᠵᠦ᠂ ᠳ᠋ᠦᠩᠱᠧᠩ ᠲᠣᠭᠤᠷᠢᠭ ᠤᠨ ᠲᠥᠯᠣᠭᠡᠯᠡᠭᠴᠢᠳ ᠤᠨ ᠠᠩᠭᠢ ᠭᠤᠷᠪᠠᠳᠤᠭᠠᠷ ᠲᠤ ᠣᠷᠣᠪᠠ᠃ ᠡᠷᠡᠭᠳᠡᠢ ᠡᠮᠡᠭᠳᠡᠢ ᠵᠠᠯᠠᠭᠤᠴᠤᠳ ᠤᠨ ᠳᠤᠭᠤᠶᠢᠯᠠᠩ ᠳᠤ ᠰᠦᠯᠳᠡ ᠭᠠᠴᠠᠭ᠎ᠠ ᠶᠢᠨ ᠭᠤᠷᠪᠠᠳᠤᠭᠠᠷ ᠲᠤᠭᠤᠶᠢᠯᠠᠩ ᠤᠨ ᠲᠠᠮᠢᠷᠴᠢᠳ ᠲᠠᠷᠢᠬᠦᠯᠡᠵᠦ᠂ ᠪᠠᠶᠠᠨᠬᠤᠷᠠᠬᠤ ᠭᠠᠴᠠᠭ᠎ᠠ ᠶᠢᠨ ᠲᠥᠯᠣᠭᠡᠯᠡᠭᠴᠢᠳ ᠤᠨ ᠠᠩᠭᠢ ᠳᠡᠳ᠋ᠯᠡᠵᠦ᠂ ᠰᠦᠯᠳᠡ ᠭᠠᠴᠠᠭ᠎ᠠ ᠶᠢᠨ ᠲᠥᠯᠣᠭᠡᠯᠡᠭᠴᠢᠳ ᠤᠨ ᠠᠩᠭᠢ ᠭᠤᠷᠪᠠᠳᠤᠭᠠᠷ ᠲᠤ ᠣᠷᠣᠪᠠ᠃ ᠨᠠᠰᠤᠲᠠᠶᠢᠴᠤᠳ ᠤᠨ ᠡᠷᠡᠭᠳᠡᠢ ᠡᠮᠡᠭᠳᠡᠢ ᠶᠢᠨ ᠳᠤᠭᠤᠶᠢᠯᠠᠩ ᠳᠤ ᠪᠠᠶᠠᠨᠰᠢᠯᠢ ᠭᠠᠴᠠᠭ᠎ᠠ ᠶᠢᠨ ᠲᠥᠯᠣᠭᠡᠯᠡᠭᠴᠢᠳ ᠤᠨ ᠠᠩᠭᠢ ᠮᠠᠩᠯᠠᠶᠢᠯᠠᠵᠤ᠂ ᠮᠣᠭᠠᠶᠢᠲᠤ ᠭᠠᠴᠠᠭ᠎ᠠ ᠶᠢᠨ ᠬᠤᠶᠠᠳᠤᠭᠠᠷ ᠲᠤᠭᠤᠶᠢᠯᠠᠩ ᠤᠨ ᠲᠠᠮᠢᠷᠴᠢᠳ ᠳᠡᠳ᠋ᠯᠡᠵᠦ᠂ ᠪᠠᠶᠠᠨᠰᠢᠯᠢ ᠭᠠᠴᠠᠭ᠎ᠠ ᠶᠢᠨ ︽ᠰᠠᠶᠢᠨ ᠠᠶᠢᠯ ᠠᠶᠢᠮᠠᠭ︾ ᠲᠥᠯᠣᠭᠡᠯᠡᠭᠴᠢᠳ ᠤᠨ ᠠᠩᠭᠢ ᠭᠤᠷᠪᠠᠳᠤᠭᠠᠷ ᠲᠤ ᠣᠷᠣᠪᠠ᠃    ᠤᠷᠤᠯᠳᠤᠭᠠᠨ ᠤ ᠮᠠᠩᠯᠠᠢ ᠪᠤᠯᠢᠶᠠᠭᠰᠠᠨ ᠲᠤᠭᠤᠶᠢᠯᠠᠩ ᠳᠤ ᠲᠤᠰ ᠪᠦᠷᠢ 10000 ᠲᠦᠬᠦᠷᠢᠭ ᠤᠨ ᠦᠷᠳᠡᠭ ᠪᠦᠬᠦᠢ 1 ᠠᠩᠭᠧᠰ ᠦᠬᠡᠷ ᠱᠠᠩᠨᠠᠵᠤ᠂ ᠬᠤᠶᠠᠳᠤᠭᠠᠷ ᠲᠤᠨᠢ ᠲᠤᠰ ᠪᠦᠷᠢ 8000 ᠲᠦᠬᠦᠷᠢᠭ ᠤᠨ ᠦᠷᠲᠡᠭ ᠪᠦᠬᠦᠢ 1 ᠪᠤᠳᠤᠭᠤ ᠱᠠᠩᠨᠠᠵᠤ᠂ ᠭᠤᠷᠪᠠᠳᠤᠭᠠᠷ ᠲᠤᠨᠢ ᠲᠤᠰ ᠪᠦᠷᠢ 6000 ᠲᠦᠬᠦᠷᠢᠭ ᠤᠨ ᠦᠷᠲᠡᠭ ᠪᠦᠬᠦᠢ 1 ᠤᠨᠠᠭ᠎ᠠ ᠱᠠᠩᠨᠠᠭᠰᠠᠨ ᠪᠠᠶᠢᠨ᠎ᠠ᠃    ᠲᠣᠰ ᠤᠳᠠᠭ᠎ᠠ ᠶᠢᠨ ᠮᠠᠯᠴᠢᠨ ᠲᠠᠷᠢᠶᠠᠴᠢᠨ ᠤ ᠠᠯᠠᠭᠠᠳᠠᠬᠤ ᠪᠥᠮᠪᠦᠭᠡ ᠶᠢᠨ ᠤᠷᠢᠯᠭ᠎ᠠ ᠶᠢᠨ ᠤᠷᠤᠯᠳᠤᠭᠠᠨ ᠢ ᠠᠮᠵᠢᠯᠲᠠ ᠲᠠᠢ ᠶᠠᠪᠤᠭᠳᠠᠭᠤᠯᠤᠭᠰᠠᠨ ᠨᠢ ᠥᠷᠭᠡᠨ ᠣᠯᠠᠨ ᠠᠯᠠᠭᠠᠳᠠᠬᠤ ᠪᠥᠮᠪᠦᠭᠡ ᠶᠢᠨ ᠪᠠᠭᠠᠲᠠᠳ ᠲᠤ ᠲᠤᠮᠤ ᠭᠡᠪᠴᠢᠶᠠᠨ ᠤ ᠤᠷᠤᠯᠳᠤᠭᠠᠨ ᠳᠤ ᠪᠠᠶ᠎ᠡ ᠪᠠᠷ ᠢᠶᠠᠨ ᠤᠷᠤᠯᠴᠠᠬᠤ ᠵᠠᠪᠰᠢᠶᠠᠨ ᠤᠯᠭᠤᠵᠤ᠂ ᠪᠠᠶᠠᠷ ᠪᠠᠶᠠᠰᠤᠯ ᠭᠥᠷᠳᠡᠵᠦ᠂ ᠰᠣᠶᠣᠯ ᠢ ᠮᠡᠳᠡᠷᠡᠨ᠂ ᠨᠥᠬᠦᠷᠯᠡᠯ ᠢᠶᠠᠨ ᠰᠤᠯᠢᠯᠴᠠᠵᠤ ᠴᠢᠳᠠᠭᠰᠠᠨ ᠮᠦᠷᠳᠡᠭᠡᠨ ᠬᠦᠷᠰᠢ ᠵᠡᠷᠭᠡᠯᠡᠳᠡᠭᠡ ᠭᠠᠵᠠᠷ ᠤᠷᠤᠨ ᠬᠠᠮᠳᠤ ᠪᠠᠷ ᠰᠣᠶᠣᠯ ᠢ ᠴᠡᠴᠡᠭᠯᠡᠭᠦᠯᠣᠨ ᠬᠦᠭᠵᠢᠬᠦᠯᠵᠦ᠂ ᠪᠣᠯᠪᠠᠰᠤᠨ ᠢ ᠡᠷᠬᠢᠮᠯᠡᠨ᠂ ᠡᠶ᠎ᠡ ᠵᠣᠬᠢᠴᠠᠯ ᠢ ᠠᠬᠢᠭᠤᠯᠵᠤ᠂ ᠠᠵᠤ ᠦᠢᠯᠡᠰ ᠢ ᠬᠥᠭᠵᠢᠭᠦᠯᠣᠨ ᠮᠠᠨᠳᠤᠭᠤᠯᠬᠤ ᠠᠮᠢᠳᠤᠯᠢᠭ ᠦᠢᠯᠡᠳᠦᠯᠭᠡ ᠪᠤᠯᠤᠭᠰᠠᠨ ᠪᠠᠶᠢᠨ᠎ᠠ᠃
ᠢᠷᠡᠯᠲᠡ᠄ ᠣᠷᠳᠣᠰ ᠤᠨ ᠡᠳᠦᠷ ᠦᠨ ᠰᠣᠨᠢᠨ