ᠠᠮᠠᠷᠠᠯᠳᠠ ᠪᠠᠷ ᠪᠢᠯᠧᠲ ᠤᠨ ᠦᠨ᠎ᠡ ᠥᠰᠦᠨ᠎ᠡ ᠭᠡᠵᠦ ᠦᠦ︖
ᠨᠡᠶᠢᠲᠡᠯᠡᠭᠰᠡᠨ ᠴᠠᠭ᠄
2023/9/27
     ᠣᠶᠢᠷ᠎ᠠ ᠳᠤ᠂ ᠵᠠᠷᠢᠮ ᠰᠦᠯᠵᠢᠶ᠎ᠠ ᠠᠰᠢᠬᠯᠠᠬᠴᠢᠳ ᠤᠨ ᠬᠡᠯᠡᠬᠦ ᠪᠠᠷ᠂ ᠪᠡᠭᠡᠵᠢᠩ ᠠᠴᠠ ᠱᠧᠨᠵᠧᠨ ᠬᠦᠷᠬᠦ D 927ᠬᠡᠪᠲᠡᠬᠦ ᠣᠷᠣ ᠲᠠᠢ ᠬᠤᠷᠳᠣᠨ ᠭᠠᠯᠳᠦ ᠲᠡᠷᠬᠡᠨ ᠤ ᠪᠢᠯᠧᠲ ᠶᠡᠷᠦ ᠶᠢᠨ ᠴᠠᠭ ᠲᠤ 1150 ᠲᠥᠭᠦᠷᠢᠭ  ᠪᠠᠶᠢᠭᠰᠠᠨ  ᠪᠣᠯ  9 ᠳ᠋ᠦ᠋ᠭᠡᠷ ᠰᠠᠷ᠎ᠠ ᠶᠢᠨ 28 ᠤ ᠡᠳᠦᠷ  ︵ᠤᠯᠤᠰ ᠤᠨ  ᠪᠠᠶᠠᠷ ᠤᠨ  ᠠᠮᠠᠷᠠᠯᠲᠠ ᠶᠢᠨ  ᠡᠮᠦᠨ᠎ᠡ  ᠨᠢᠭᠡ  ᠡᠳᠦᠷ︶ ᠤᠨ  ᠦᠨ᠎ᠡ  ᠨᠢ ᠥᠰᠦᠭᠡᠳ 1860 ᠲᠥᠭᠦᠷᠢᠭ ᠪᠣᠯᠵᠤ᠂ ᠳᠣᠣᠷ᠎ᠠ ᠣᠷᠣ ᠨᠢ 2090 ᠲᠥᠭᠦᠷᠢᠭ ᠭᠦᠷᠦᠭᠰᠡᠨ ᠪᠠᠶᠢᠨ᠎ᠠ ᠭᠡᠵᠡᠢ᠃                             ᠡᠨᠡ ᠳᠣᠬᠠᠢ ᠰᠤᠷᠪᠤᠯᠵᠢᠯᠠᠭᠴᠢ 12306 ᠲᠠᠪᠴᠠᠩ ᠠᠴᠠ  ᠯᠠᠪᠯᠠᠭᠰᠠᠨ ᠤ  ᠳ᠋ᠦᠩ ᠳᠤ᠂  ᠦᠨ᠎ᠡ  ᠬᠠᠩᠰᠢ  ᠨᠢ ᠦᠨᠡᠬᠡᠷ ᠲᠣᠭᠲᠠᠪᠤᠷᠢ ᠦᠭᠡᠢ ᠪᠠᠶᠢᠨ᠎ᠠ᠄ 9 ᠳ᠋ᠦ᠋ᠭᠡᠷ ᠰᠠᠷ᠎ᠠ ᠶᠢᠨ 22 ᠤᠨ ᠡᠳᠦᠷ ᠤᠨ ᠦᠨ᠎ᠡ ᠨᠢ 1290 ᠲᠥᠭᠦᠷᠢᠭ᠂  9ᠰᠠᠷ᠎ᠠ ᠶᠢᠨ 23 ᠤ ᠡᠳᠦᠷ ᠠᠴᠠ 9 ᠰᠠᠷ᠎ᠠ ᠶᠢᠨ 25 ᠤ ᠡᠳᠦᠷ ᠪᠣᠯᠲᠠᠯ᠎ᠠ 1150 ᠲᠥᠭᠦᠷᠢᠭ᠂  9  ᠰᠠᠷ᠎ᠠ  ᠶᠢᠨ  27 ᠤ ᠡᠳᠦᠷ ᠪᠣᠯᠲᠠᠯ᠎ᠠ 1430 ᠲᠥᠭᠦᠷᠢᠭ᠂ 9 ᠰᠠᠷ᠎ᠠ ᠶᠢᠨ 28 ᠤ ᠡᠳᠦᠷ ᠠᠴᠠ 29 ᠤ ᠡᠳᠦᠷ ᠪᠣᠯᠲᠠᠯ᠎ᠠ 1860 ᠲᠥᠭᠦᠷᠢᠭ᠂10 ᠰᠠᠷ᠎ᠠ ᠶᠢᠨ 1 ᠤ ᠡᠳᠦᠷ 1290 ᠲᠥᠭᠦᠷᠢᠭ᠂ 10 ᠰᠠᠷ᠎ᠠ ᠶᠢᠨ  2 ᠤᠨ  ᠡᠳᠦᠷ  ᠳᠠᠬᠢᠭᠠᠳ  1150  ᠲᠥᠭᠦᠷᠢᠭ ᠪᠣᠯᠣᠨ ᠪᠠᠭᠤᠷᠠᠵᠦ ᠪᠠᠶᠢᠭ᠎ᠠ ᠶᠢ ᠣᠯᠵᠦ ᠮᠡᠳᠡᠵᠠᠢ᠃                             12306 ᠠᠶᠠᠨᠴᠢᠳ ᠤᠨ ᠦᠢᠯᠡᠴᠢᠯᠡᠭᠡᠨ ᠤ ᠬᠢᠨ ᠢᠯᠡᠷᠬᠡᠶᠢᠯᠡᠬᠦ ᠳᠡᠭᠡᠨ᠂ ᠨᠡᠶᠢᠲᠡᠯᠡᠭᠰᠡᠨ ᠪᠢᠯᠧᠲ ᠤᠨ  ᠦᠨ᠎ᠡ ᠶᠢ ᠪᠦᠷ ᠲᠡᠮᠦᠷ ᠵᠠᠮ ᠤᠨ 12306APP ᠳᠤ ᠵᠠᠷᠯᠠᠨ ᠨᠡᠶᠢᠲᠡᠯᠡᠨ᠎ᠡ᠂ ᠪᠢᠯᠧᠲ ᠤᠨ ᠦᠨ᠎ᠡ ᠶᠢ ᠭᠠᠯᠳᠦ ᠲᠡᠷᠬᠡᠨ ᠤ ᠪᠢᠯᠧᠲ  ᠢ ᠰᠢᠯᠭᠠᠨ ᠯᠠᠪᠯᠠᠬᠤ ᠲᠠᠪᠴᠠᠩ ᠳᠤ ᠴᠥᠮ ᠵᠠᠷᠯᠠᠨ ᠨᠡᠶᠢᠲᠡᠯᠡᠨ᠎ᠡ ᠭᠡᠵᠡᠢ᠃
ᠢᠷᠡᠯᠲᠡ᠄ ᠣᠷᠳᠣᠰ ᠤᠨ ᠡᠳᠦᠷ ᠦᠨ ᠰᠣᠨᠢᠨ