ᠣᠶᠢᠷ᠎ᠠ ᠳᠤ᠂ ᠡᠵᠡᠨ ᠬᠤᠷᠤᠭ᠎ᠠ ᠬᠤᠰᠢᠭᠤᠨ ᠤ ᠵᠠᠰᠠᠭ ᠪᠠᠯᠭᠠᠰᠤ ᠶᠢᠨ ᠰᠠᠶᠢᠬᠤᠰᠤ ᠲᠤᠰᠬᠤᠨ ᠤ ᠠᠷᠠᠳ ᠤᠨ ᠵᠥᠪᠯᠡᠯ ᠨᠢ ᠲᠤᠰ ᠲᠤᠰᠬᠤᠨ ᠤ ᠠᠷᠠᠳ | ᠲᠠᠭᠠᠨ ᠠᠲᠠᠷᠰᠢᠭᠰᠠᠨ ᠭᠠᠵᠠᠷ ᠰᠢᠷᠤᠢ ᠶᠢ ᠨᠢᠭᠡᠳᠬᠡᠨ ᠳᠠᠭᠠᠭᠠᠴᠢᠯᠠᠭᠤᠯᠵᠤ ᠤᠯᠤᠭᠰᠠᠨ ᠠᠰᠢᠭ ᠤᠷᠤᠯᠭ᠎ᠠ ᠪᠠᠨ ᠬᠤᠪᠢᠶᠠᠷᠢᠯᠠᠪᠠ᠃ | ᠡᠨᠡ ᠡᠳᠦᠷ᠂ ᠰᠠᠶᠢᠬᠤᠰᠤ ᠲᠤᠰᠬᠤᠨ ᠤ ᠲᠠᠷᠢᠶᠠᠴᠢᠨ ᠪᠠᠢ ᠯᠢᠨ 9000 ᠲᠦᠭᠦᠷᠢᠭ ᠬᠤᠪᠢᠶᠠᠷᠢᠯᠠᠵᠤ ᠤᠯᠤᠭᠰᠠᠨ ᠪᠠᠶᠢᠨ᠎ᠠ᠃ ᠣᠶᠢᠯᠭᠠᠭᠰᠠᠨ ᠢᠶᠠᠷ᠂ | 2023 ᠤᠨ ᠳᠤ ᠲᠤᠰᠬᠤᠨ ᠤ ᠠᠷᠠᠳ ᠤᠨ ᠵᠥᠪᠯᠡᠯ ᠠᠴᠠ ᠭᠠᠵᠠᠷ ᠰᠢᠷᠤᠢ ᠶᠢ ᠨᠢᠭᠡᠳᠬᠡᠬᠦ ᠳᠤ ᠲᠡᠳᠡᠨ ᠤ ᠬᠢᠨ ᠪᠠᠷᠤᠭ 15 ᠮᠤ᠋ ᠲᠠᠷᠢᠶ᠎ᠠ ᠪᠠᠨ ᠨᠡᠶᠢᠯᠡᠭᠦᠯᠵᠡᠢ᠃ | ᠪᠠᠢ ᠯᠢᠨ᠄ ︽ᠭᠠᠵᠠᠷ ᠲᠠᠷᠢᠶ᠎ᠠ ᠶᠢ ᠨᠢᠭᠡᠳᠬᠡᠨ ᠨᠡᠶᠢᠯᠡᠭᠦᠯᠵᠤ ᠳᠠᠭᠠᠭᠠᠴᠢᠯᠠᠭᠤᠯᠤᠭᠰᠠᠨ ᠶᠠᠪᠤᠳᠠᠯ ᠪᠢᠳᠠᠨ ᠳᠤ ᠲᠤᠩ ᠠᠰᠢᠭᠲᠠᠢ ᠪᠠᠶᠢᠨ᠎ᠠ᠃ ᠡᠩ ᠤᠨ ᠦᠶᠡᠰ ᠪᠢᠳᠠ | ᠭᠠᠳᠠᠭᠰᠢ ᠭᠠᠷᠴᠦ ᠬᠥᠯᠥᠰᠦᠨ ᠠᠵᠢᠯ ᠬᠢᠵᠤ ᠪᠤᠯᠬᠤ ᠮᠥᠷᠲᠡᠭᠡᠨ ᠪᠠᠰᠠ ᠬᠡᠰᠡᠭ ᠭᠠᠵᠠᠷ ᠲᠠᠷᠢᠶᠠᠨ ᠤ ᠲᠦᠷᠢᠶᠡᠰᠦᠨ ᠮᠥᠩᠬᠦ ᠪᠠᠨ ᠣᠯᠴᠢᠬᠠᠬᠤ ᠤᠴᠢᠷ ᠠᠴᠠ | ᠠᠮᠢᠳᠤᠷᠠᠯ ᠳᠤ ᠨᠡᠯᠢᠶᠡᠳ ᠲᠤᠰᠠ ᠪᠤᠯᠵᠤ ᠪᠠᠶᠢᠨ᠎ᠠ︾ ᠭᠡᠵᠤ ᠪᠠᠶᠢᠯ᠎ᠠ᠃ | | | ᠰᠠᠶᠢᠬᠤᠰᠤ ᠲᠤᠰᠬᠤᠨ ᠤ ᠲᠠᠷᠢᠶᠠᠨ ᠭᠠᠵᠠᠷ ᠤᠨ ᠲᠠᠯᠠᠪᠠᠢ ᠨᠢ 3726.88 ᠮᠤ᠋᠂ 321 ᠡᠷᠦᠬᠡ 800 ᠭᠠᠷᠤᠢ ᠬᠦᠮᠦᠨ ᠠᠮᠠ ᠲᠠᠢ᠃ ᠤᠷᠴᠢᠮ ᠤᠨ ᠵᠢᠯ | ᠤᠳ ᠲᠤ ᠲᠤᠰᠬᠤᠨ ᠤ ᠠᠷᠠᠳ ᠭᠠᠳᠠᠭᠰᠢ ᠭᠠᠷᠴᠦ ᠠᠵᠢᠯ ᠬᠢᠳᠡᠭ ᠬᠦᠮᠦᠰ ᠤᠯᠠᠮ ᠢᠶᠠᠷ ᠤᠯᠠᠰᠢᠷᠠᠭᠰᠠᠨ ᠠᠴᠠ ᠲᠤᠰᠬᠤᠨ ᠳᠤ ᠪᠠᠶᠢᠩᠭᠤ ᠰᠠᠭᠤᠭ᠎ᠠ ᠬᠦᠮᠦᠰ ᠤᠨ | ᠤᠯᠠᠩᠬᠢ ᠨᠢ ᠨᠠᠰᠤᠲᠠᠶᠢᠴᠤᠳ ᠪᠤᠯᠵᠤ᠂ ᠬᠥᠳᠡᠯᠮᠦᠷᠢ ᠬᠦᠴᠦ ᠲᠤᠲᠠᠭᠳᠠᠭᠰᠠᠨ ᠵᠡᠷᠭᠡ ᠰᠢᠯᠲᠠᠭᠠᠨ ᠠᠴᠠ ᠪᠤᠯᠵᠤ ᠲᠠᠷᠢᠶ᠎ᠠ ᠲᠥᠮᠥᠰᠦ ᠪᠠᠨ ᠴᠠᠭ ᠤᠨ ᠴᠠᠭ ᠲᠠᠭᠠᠨ | ᠲᠠᠷᠢᠵᠤ ᠳᠡᠶᠢᠯᠬᠦ ᠦᠭᠡᠢ ᠪᠤᠯᠤᠭᠰᠠᠨ ᠠᠴᠠ ᠠᠲᠠᠷᠰᠢᠭᠰᠠᠨ ᠪᠠᠶᠢᠳᠠᠯ ᠤᠯᠠᠰᠢᠷᠠᠵᠠᠢ᠃ ᠡᠨᠡᠬᠦ ᠪᠠᠶᠢᠳᠠᠯ ᠳᠤ ᠴᠢᠭᠯᠡᠭᠦᠯᠦᠨ ᠲᠤᠰ ᠲᠤᠰᠬᠤᠨ ᠤ ᠠᠷᠠᠳ ᠤᠨ ᠵᠥᠪᠯᠡᠯ | ᠤᠨ ᠬᠢᠨ ᠲᠤᠰᠬᠠᠢ ᠪᠠᠶᠢᠴᠠᠭᠠᠨ ᠰᠤᠳᠤᠯᠬᠤ ᠪᠠᠷ ᠳᠠᠮᠵᠢᠨ 2023 ᠣᠨ ᠤ ᠰᠡᠭᠦᠯᠴᠢ ᠪᠠᠷ ᠪᠠᠷᠤᠭ ᠠᠷᠪᠠᠭᠠᠳ ᠡᠷᠦᠬᠡ ᠶᠢᠨ ᠨᠡᠶᠢᠲᠡ 450 ᠮᠤ᠋ ᠠᠲᠠᠷᠰᠢᠭᠰᠠᠨ | ᠭᠠᠵᠠᠷ ᠢ ᠨᠢᠭᠡᠳᠬᠡᠨ ᠭᠠᠳᠠᠭᠰᠢ ᠳᠠᠭᠠᠭᠠᠴᠢᠯᠠᠭᠤᠯᠵᠤ᠂ 213200 ᠲᠦᠭᠦᠷᠢᠭ ᠤᠨ ᠭᠠᠵᠠᠷ ᠰᠢᠷᠦᠢ ᠶᠢᠨ ᠲᠦᠷᠢᠶᠡᠰᠦᠨ ᠮᠥᠩᠬᠦ ᠶᠢᠨ ᠠᠰᠢᠭ ᠤᠷᠤᠯᠭ᠎ᠠ ᠶᠢ | ᠡᠭᠦᠳᠴᠦ᠂ ᠲᠤᠰᠬᠤᠨ ᠤ ᠠᠷᠠᠳ ᠤᠨ ᠤᠷᠤᠯᠭ᠎ᠠ ᠶᠢ ᠨᠡᠮᠡᠭᠳᠡᠭᠦᠯᠵᠡᠢ᠃ ᠲᠤᠰᠬᠤᠨ ᠤ ᠨᠠᠮ ᠤᠨ ᠡᠭᠦᠷ ᠤᠨ ᠱᠦᠵᠢ ᠵᠢᠶᠤᠤ ᠬᠠᠢ ᠵᠢᠶᠦ᠋ᠨ᠄ ︽ᠭᠠᠵᠠᠷ ᠰᠢᠷᠤᠢ ᠶᠢ | ᠨᠢᠭᠡᠳᠬᠡᠨ ᠳᠠᠭᠠᠭᠠᠴᠢᠯᠠᠭᠤᠯᠤᠭᠰᠠᠨ ᠡᠨᠡ ᠶᠠᠪᠤᠳᠠᠯ ᠠᠩᠬ᠎ᠠ ᠠᠯᠬᠤᠮ ᠤᠨ ᠠᠮᠵᠢᠯᠲᠠ ᠶᠢ ᠤᠯᠵᠠᠢ ᠭᠡᠵᠤ ᠬᠡᠯᠡᠵᠤ ᠪᠤᠯᠤᠨ᠎ᠠ᠃ 2024 ᠤᠨ ᠳᠤ ᠪᠢᠳᠠ ᠪᠠᠰᠠ | ᠨᠢᠭᠡ ᠪᠦᠯᠦᠭ ᠭᠠᠵᠠᠷ ᠰᠢᠷᠤᠢ ᠶᠢ ᠨᠢᠭᠡᠳᠬᠡᠬᠦ ᠪᠠᠷ ᠵᠢᠱᠢᠵᠣ ᠪᠠᠶᠢᠨ᠎ᠠ᠃ ᠠᠷᠠᠳ ᠤᠯᠠᠨ ᠤ ᠤᠷᠤᠯᠭ᠎ᠠ ᠶᠢ ᠳᠡᠭᠡᠭᠰᠢᠯᠡᠭᠦᠯᠦᠨ ᠠᠮᠢᠳᠤᠷᠠᠯ ᠢ ᠨᠢ ᠰᠠᠶᠢᠵᠢᠷᠠᠭᠤᠯᠬᠤ | ᠪᠤᠯ ᠪᠢᠳᠠᠨ ᠤ ᠵᠤᠷᠢᠯᠭ᠎ᠠ ᠮᠦᠨ︾ ᠭᠡᠵᠤ ᠪᠠᠶᠢᠯ᠎ᠠ᠃ | | | | | | | | |