ᠤᠯᠤᠰ ᠲᠥᠷᠥ ᠶᠢᠨ ᠵᠥᠪᠯᠡᠯᠭᠡᠨ ᠤ ᠬᠡᠰᠢᠭᠦᠨ — ᠡᠷᠳᠡᠨᠢᠪᠠᠶᠠᠷ
ᠨᠡᠶᠢᠲᠡᠯᠡᠭᠰᠡᠨ ᠴᠠᠭ᠄
2024/1/19
   ᠮᠤᠩᠭᠤᠯ ᠠᠨᠠᠭᠠᠬᠤ ᠤᠬᠠᠭᠠᠨ ᠢ ᠥᠪᠯᠡᠨ ᠵᠠᠯᠭᠠᠮᠵᠢᠯᠠᠪᠠᠯ ᠵᠤᠬᠢᠯᠲᠠᠢ   ᠳᠤᠮᠳᠠᠳᠤ ᠤᠯᠤᠰ ᠤᠨ ᠠᠷᠠᠳ ᠤᠨ ᠤᠯᠤᠰ ᠲᠥᠷᠥ ᠶᠢᠨ ᠵᠥᠪᠯᠡᠯᠭᠡᠨ ᠤ ᠤᠷᠳᠤᠰ ᠬᠤᠲᠠ ᠶᠢᠨ ᠲᠠᠪᠤᠳᠤᠭᠠᠷ ᠬᠤᠭᠤᠴᠠᠭᠠᠨ ᠤ ᠬᠤᠷᠢᠶ᠎ᠠ ᠶᠢᠨ ᠭᠤᠷᠪᠠᠳᠤᠭᠠᠷ ᠤᠳᠠᠭᠠᠨ ᠤ ᠬᠤᠷᠠᠯ ᠤᠨ ᠨᠠᠢᠮᠠᠳᠤᠭᠠᠷ ᠶᠠᠷᠢᠯᠴᠠᠬᠤ ᠳᠤᠭᠤᠶᠢᠯᠠᠩ ᠳᠤ ᠮᠠᠨ ᠬᠤᠲᠠ ᠶᠢᠨ ᠴᠦᠭᠡᠨ ᠲᠤᠭᠠᠳᠤ ᠦᠨᠳᠦᠰᠦᠲᠡᠨ ᠤ ᠡᠲᠡᠭᠡᠳ᠂ ᠱᠠᠰᠢᠨ ᠰᠤᠷᠲᠠᠬᠤᠨ ᠤ ᠡᠲᠡᠭᠡᠳ ᠵᠢᠴᠢ ᠤᠯᠤᠰ ᠲᠠᠭᠠᠨ ᠪᠤᠴᠠᠭᠰᠠᠨ ᠬᠠᠷᠢᠶᠠᠳᠤ ᠨᠠᠷ ᠤᠨ ᠬᠤᠯᠪᠤᠭᠠᠲᠤ ᠬᠤᠷᠠᠯ ᠤᠨ ᠬᠡᠰᠢᠭᠦᠳ ᠲᠤᠰ ᠲᠤᠰ ᠤᠨ ᠰᠠᠨᠠᠯ ᠰᠠᠨᠠᠭᠤᠯᠭ᠎ᠠ ᠪᠠᠨ ᠲᠠᠶᠢᠯᠪᠤᠷᠢᠯᠠᠨ ᠶᠠᠷᠢᠵᠤ ᠪᠠᠶᠢᠯ᠎ᠠ᠃ ᠡᠷᠳᠡᠨᠢᠪᠠᠶᠠᠷ ᠱᠠᠰᠢᠨ ᠰᠤᠷᠲᠠᠬᠤᠨ ᠤ ᠡᠳᠡᠭᠡᠳ ᠤᠨ ᠬᠤᠪᠢ ᠪᠠᠷ ᠲᠤᠰ ᠤᠳᠠᠭᠠᠨ ᠤ ᠬᠤᠷᠠᠯ ᠳᠤ ᠤᠷᠤᠯᠴᠠᠵᠤ᠂ ᠤᠷᠳᠤᠰ ᠨᠤᠲᠤᠭ ᠲᠤ ᠤᠯᠠᠮᠵᠢᠯᠠᠯᠲᠤ ᠮᠤᠩᠭᠤᠯ ᠠᠨᠠᠭᠠᠬᠤ ᠤᠬᠠᠭᠠᠨ ᠤ ᠰᠤᠳᠤᠯᠤᠨ ᠰᠤᠷᠤᠯᠴᠠᠬᠤ ᠴᠡᠭ ᠪᠠᠶᠢᠭᠤᠯᠬᠤ ᠲᠤᠬᠠᠢ ᠰᠠᠨᠠᠯ ᠢᠶᠠᠨ ᠳᠡᠪᠰᠢᠭᠦᠯᠦᠯ᠎ᠡ᠃   ᠲᠡᠭᠦᠨ ᠤ ᠦᠵᠡᠬᠦ ᠪᠠᠷ ᠶᠡᠷᠦᠩᠬᠡᠢ ᠱᠦᠵᠢ ᠤᠯᠠᠮᠵᠢᠯᠠᠯᠲᠤ ᠠᠨᠠᠭᠠᠬᠤ ᠤᠬᠠᠭᠠᠨ ᠢ ᠬᠥᠭᠵᠢᠭᠦᠯᠬᠦ ᠲᠠᠯ᠎ᠠ ᠪᠠᠷ ᠵᠢᠭᠠᠪᠤᠷᠢ ᠭᠠᠷᠭᠠᠭᠰᠠᠨ ᠪᠦᠭᠡᠳ ᠥᠪᠥᠷ ᠮᠤᠩᠭᠤᠯ ᠎ ᠤᠨ ᠥᠪᠡᠷᠲᠡᠭᠡᠨ ᠵᠠᠰᠠᠬᠤ ᠤᠷᠤᠨ᠂ ᠤᠷᠳᠤᠰ ᠬᠤᠲᠠ ᠴᠦᠮ ᠤᠯᠠᠮᠵᠢᠯᠠᠯᠲᠤ ᠮᠤᠩᠭᠤᠯ ᠠᠨᠠᠭᠠᠬᠤ ᠤᠬᠠᠭᠠᠨ ᠢ ᠤᠯᠠᠮᠵᠢᠯᠠᠨ ᠬᠥᠭᠵᠢᠭᠦᠯᠬᠦ ᠲᠠᠯ᠎ᠠ ᠪᠠᠷ ᠲᠤᠰᠬᠠᠢ ᠠᠵᠢᠯ ᠬᠤᠷᠠᠯᠳᠤᠭᠠᠨ ᠢ ᠬᠤᠷᠠᠯᠳᠤᠭᠤᠯᠤᠭᠰᠠᠨ ᠨᠢ ᠲᠡᠭᠦᠨ ᠤ ᠰᠠᠨᠠᠯ ᠰᠠᠨᠠᠭᠤᠯᠭ᠎ᠠ ᠳᠤ ᠨᠥᠬᠦᠴᠡᠯ ᠬᠠᠩᠭᠠᠨ ᠥᠭᠭᠦᠭᠰᠡᠨ ᠪᠠᠶᠢᠨ᠎ᠠ᠃ ᠡᠷᠳᠡᠨᠢᠪᠠᠶᠠᠷ ᠰᠤᠷᠪᠤᠯᠵᠢᠯᠠᠭᠴᠢ ᠳᠤ ︽ᠤᠳᠤᠬᠠᠨ ᠳᠤ ᠮᠠᠨ ᠬᠤᠲᠠ ᠶᠢᠨ ᠬᠡᠪᠴᠢᠶᠡᠨ ᠳᠤ ᠤᠯᠠᠮᠵᠢᠯᠠᠯᠲᠤ ᠮᠤᠩᠭᠤᠯ ᠠᠨᠠᠭᠠᠬᠤ ᠤᠬᠠᠭᠠᠨ ᠤ ᠰᠤᠳᠤᠯᠤᠨ ᠰᠤᠷᠤᠯᠴᠠᠬᠤ ᠴᠡᠭ ᠬᠤᠮᠰᠠ ᠪᠠᠶᠢᠵᠤ᠂ ᠳᠡᠭᠡᠷ᠎ᠡ ᠦᠶ᠎ᠡ ᠠᠴᠠ ᠪᠠᠨ ᠤᠯᠠᠮᠵᠢᠯᠠᠯᠵᠤ ᠢᠷᠡᠭᠰᠡᠨ ᠡᠨᠡ ᠬᠦ ᠵᠦᠢᠯ ᠢ ᠵᠠᠯᠭᠠᠮᠵᠢᠯᠠᠨ ᠬᠥᠭᠵᠢᠭᠦᠯᠵᠤ᠂ ᠰᠤᠷᠴᠦ ᠰᠤᠳᠤᠯᠬᠤ ᠲᠠᠯ᠎ᠠ ᠪᠠᠷ ᠳᠤᠲᠠᠮᠠᠭ ᠪᠠᠶᠢᠨ᠎ᠠ᠃ ᠳᠡᠭᠡᠬᠦᠯᠡᠷ ᠲᠤᠰᠬᠠᠢ ᠨᠢᠭᠡᠨ ᠴᠡᠭ ᠭᠠᠷᠭᠠᠨ ᠰᠤᠶᠤᠯ ᠤᠨ ᠤᠬᠢ ᠲᠠᠯᠠᠰᠲᠤ ᠪᠤᠯᠤᠭᠰᠠᠨ ᠮᠦᠷᠲᠡᠭᠡᠨ ᠠᠷᠠᠳ ᠲᠦᠮᠡᠨ ᠤ ᠡᠷᠡᠭᠦᠯ ᠡᠩᠬᠡ ᠳᠤ ᠬᠡᠷᠡᠭᠴᠡᠭᠡ ᠲᠠᠢ ᠡᠨᠡ ᠬᠦ ᠵᠦᠢᠯ ᠢ ᠵᠠᠯᠭᠠᠮᠵᠢᠯᠠᠨ ᠬᠥᠭᠵᠢᠭᠦᠯᠵᠤ᠂ ᠰᠤᠷᠴᠦ ᠰᠤᠳᠤᠯᠬᠤ ᠲᠠᠯ᠎ᠠ ᠪᠠᠷ ᠳᠤᠲᠠᠮᠠᠭ ᠪᠠᠶᠢᠨ᠎ᠠ᠃ ᠳᠡᠭᠡᠭᠦᠯᠡᠷ ᠲᠤᠰᠬᠠᠢ ᠨᠢᠭᠡᠨ ᠴᠡᠭ ᠭᠠᠷᠭᠠᠨ ᠰᠤᠶᠤᠯ ᠤᠨ ᠣᠬᠢ ᠲᠠᠯᠠᠰᠲᠤ ᠪᠤᠯᠤᠭᠰᠠᠨ ᠮᠦᠷᠲᠡᠭᠡᠨ ᠠᠷᠠᠳ ᠲᠦᠮᠡᠨ ᠤ ᠡᠷᠡᠭᠦᠯ ᠡᠩᠬᠡ ᠳᠤ ᠬᠡᠷᠡᠭᠴᠡᠭᠡ ᠲᠠᠢ ᠡᠨᠡ ᠬᠦ ᠤᠯᠠᠮᠵᠢᠯᠠᠯᠲᠤ ᠮᠤᠩᠭᠤᠯ ᠠᠨᠠᠭᠠᠬᠤ ᠤᠬᠠᠭᠠᠨ ᠢ ᠨᠡᠩ ᠤᠯᠠᠨ ᠬᠦᠮᠦᠨ ᠳᠤ ᠲᠠᠨᠢᠭᠤᠯᠤᠨ ᠡᠵᠡᠮᠰᠢᠭᠦᠯᠵᠤ᠂ ᠥᠪᠯᠡᠨ ᠵᠠᠯᠭᠠᠮᠵᠢᠯᠠᠪᠠᠯ ᠵᠤᠬᠢᠯᠲᠠᠢ᠃ ᠬᠠᠩᠬᠢᠨ ᠬᠤᠰᠢᠭᠤᠨ ᠤ ᠬᠠᠪᠢᠷᠭ᠎ᠠ ᠶᠢᠨ ᠰᠦᠮ᠎ᠡ ᠳᠤ ᠡᠯ᠎ᠡ ᠲᠥᠷᠥᠯ ᠤᠨ ᠬᠡᠯᠡᠨ ᠤ ᠰᠤᠳᠤᠷ ᠪᠢᠴᠢᠭ 5 ᠲᠦᠮᠡ ᠭᠠᠷᠤᠢ ᠬᠠᠳᠠᠭᠠᠯᠠᠭᠳᠠᠵᠤ ᠪᠤᠢ᠂ ᠡᠨᠡ ᠨᠢ ᠲᠡᠦᠬᠡ ᠶᠢᠨ ᠤᠯᠠ ᠮᠦᠷ ᠢ ᠮᠦᠷᠳᠡᠵᠤ᠂ ᠤᠯᠠᠮᠵᠢᠯᠠᠯ ᠤᠨ ᠤᠯᠪᠠᠭ᠎ᠠ ᠪᠠᠨ ᠪᠠᠳᠠᠷᠠᠭᠤᠯᠬᠤ ᠳᠤ ᠮᠠᠢ ᠰᠠᠶᠢᠨ ᠰᠠᠭᠤᠷᠢ ᠪᠤᠯᠤᠭᠰᠠᠨ᠂ ᠡᠭᠦᠨ ᠠᠴᠠ ᠭᠠᠳᠠᠨ᠎ᠠ ᠮᠢᠨᠤ ᠬᠤᠪᠢ ᠪᠡᠶ᠎ᠡ ᠲᠥᠷᠥ ᠶᠢᠨ ᠡᠷᠭᠦᠮᠵᠢᠯᠡᠯᠲᠦ ᠤᠲᠠᠴᠢ ᠪᠠᠭᠰᠢ ᠵᠢᠭᠮᠢᠳ ᠠᠴᠠ ᠡᠷᠳᠡᠮ ᠨᠤᠮ ᠰᠤᠷᠴᠦ᠂ ᠲᠡᠭᠦᠨ ᠤ ᠠᠨᠠᠭᠠᠬᠤ ᠤᠬᠠᠭᠠᠨ ᠤ ᠲᠠᠯ᠎ᠠ ᠪᠠᠷ ᠬᠢ ᠴᠢᠳᠠᠪᠤᠷᠢ ᠪᠤᠯᠪᠠᠰᠤᠷᠠᠯ ᠢ ᠰᠢᠩᠭᠡᠭᠡᠨ ᠠᠪᠤᠭᠰᠠᠨ ᠪᠤᠯᠬᠤᠷ ᠤᠯᠠᠮᠵᠢᠯᠠᠯᠲᠤ ᠮᠤᠩᠭᠤᠯ ᠠᠨᠠᠭᠠᠬᠤ ᠤᠬᠠᠭᠠᠨ ᠢ ᠰᠤᠳᠤᠯᠬᠤ ᠪᠤᠶᠤ ᠳᠡᠯᠭᠡᠷᠡᠭᠦᠯᠬᠦ ᠳᠤ ᠬᠤᠪᠢ ᠨᠡᠮᠡᠷᠢ ᠪᠠᠨ ᠦᠵᠡᠭᠦᠯᠵᠤ ᠴᠢᠳᠠᠨ᠎ᠠ ᠭᠡᠵᠤ ᠪᠤᠳᠤᠵᠤ ᠪᠠᠶᠢᠨ᠎ᠠ᠃ ᠮᠢᠨᠤ ᠬᠠᠵᠠᠭᠤ ᠬᠠᠪᠢ ᠪᠠᠷ ᠤᠯᠠᠮᠵᠢᠯᠠᠯᠳᠤ ᠡᠮ ᠡᠮᠨᠡᠯᠭᠡ ᠶᠢᠨ ᠮᠡᠷᠭᠡᠵᠢᠯ ᠢ ᠰᠤᠷᠤᠯᠴᠠᠵᠤ ᠠᠰᠫᠢᠷᠠᠨᠲ᠂ ᠳ᠋ᠤᠺᠲ᠋ᠤᠷ ᠪᠤᠯᠤᠭᠰᠠᠨ ᠬᠦᠮᠦᠰ ᠨᠡᠯᠢᠶᠡᠳ ᠪᠠᠶᠢᠭ᠎ᠠ ᠤᠴᠢᠷ ᠠᠴᠠ ᠬᠡᠷᠪᠡ ᠰᠤᠳᠤᠯᠤᠨ ᠰᠤᠷᠤᠯᠴᠠᠬᠤ ᠴᠡᠭ ᠢ ᠪᠠᠶᠢᠭᠤᠯᠬᠤ ᠳᠤ ᠬᠦᠷᠪᠡᠯ  ᠲᠡᠳᠡ ᠪᠦᠬᠦᠨ ᠴᠦᠮ ᠬᠦᠷᠦᠯᠴᠡᠨ ᠢᠷᠡᠵᠤ ᠥᠪᠡᠷ ᠥᠪᠡᠷ ᠤᠨ ᠮᠡᠳᠡᠯᠭᠡ ᠴᠢᠳᠠᠪᠤᠷᠢ ᠪᠠᠨ ᠪᠠᠳᠠᠷᠠᠭᠤᠯᠵᠤ ᠳᠡᠶᠢᠯᠦᠨ᠎ᠡ᠃ ᠡᠶᠢᠮᠤ ᠠᠴᠠ ᠪᠢᠳᠠ ᠪᠡᠭᠡᠵᠢᠩ ᠤᠨ ᠬᠢᠲᠠᠳ ᠡᠮᠨᠡᠯᠭᠡ ᠶᠢᠨ ᠳᠡᠭᠡᠳᠦ ᠰᠤᠷᠭᠠᠭᠤᠯᠢ ᠪᠤᠶᠤ ᠥᠪᠥᠷ ᠮᠤᠩᠭᠤᠯ ᠎ ᠤᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠲᠠᠢ ᠬᠤᠷᠰᠢᠨ ᠠᠵᠢᠯᠯᠠᠬᠤ ᠪᠦᠷᠢᠨ ᠪᠤᠯᠤᠮᠵᠢ ᠪᠤᠢ᠃ ᠶᠡᠷᠦ ᠨᠢ ᠮᠠᠨ ᠤ ᠮᠤᠩᠭᠤᠯ ᠠᠨᠠᠭᠠᠬᠤ ᠤᠬᠠᠭᠠᠨ ᠨᠢ ᠬᠡᠳᠦᠨ ᠵᠠᠭᠤᠨ ᠵᠢᠯ ᠤᠨ ᠲᠡᠦᠬᠡ ᠲᠠᠢ ᠪᠤᠯᠵᠤ᠂ ᠡᠯ᠎ᠡ ᠭᠠᠵᠠᠷ ᠤᠷᠤᠨ ᠤ ᠰᠦᠮ᠎ᠡ ᠬᠡᠶᠢᠳ᠂ ᠮᠠᠮᠪᠠ ᠷᠠᠰᠠᠩ ᠠᠴᠠ ᠡᠷᠳᠡᠮ ᠴᠢᠳᠠᠯ ᠶᠡᠬᠡᠲᠡᠢ ᠤᠲᠠᠴᠢ ᠴᠤᠯᠭᠤᠷᠠᠨ᠂ ᠲᠤᠬᠠᠢ ᠶᠢᠨ ᠦᠶ᠎ᠡ ᠶᠢᠨ ᠠᠷᠠᠳ ᠢᠷᠭᠡᠳ ᠤᠨ ᠡᠪᠡᠳᠴᠢᠨ ᠵᠤᠪᠠᠯᠠᠩ᠂ ᠬᠤᠤᠷ ᠬᠥᠨᠥᠭᠡᠯ ᠢ ᠠᠷᠢᠯᠭᠠᠵᠤ ᠪᠠᠶᠢᠭᠰᠠᠨ ᠤᠴᠢᠷᠲᠠᠢ᠃ ᠡᠨᠡ ᠬᠦ ᠰᠠᠨᠠᠯ ᠰᠠᠨᠠᠭᠤᠯᠭ᠎ᠠ ᠎ ᠪᠠᠨ ᠳᠡᠪᠰᠢᠭᠦᠯᠦᠭᠰᠡᠨ ᠶᠤᠮ︾ ᠭᠡᠵᠤ ᠶᠠᠷᠢᠯ᠎ᠠ᠃
ᠢᠷᠡᠯᠲᠡ᠄ ᠤᠷᠳᠤᠰ ᠤᠨ ᠡᠳᠦᠷ ᠤᠨ ᠰᠤᠨᠢᠨ