ᠥᠪᠥᠷ ᠮᠣᠩᠭᠤᠯ ᠤᠨ ᠬᠠᠳᠤᠨ ᠭᠤᠣᠯ ᠤᠨ ᠰᠠᠪᠠ ᠭᠠᠵᠠᠷ - ᠦᠬᠠᠢ ᠶᠢᠨ ᠭᠡᠷᠡᠯ ᠰᠠᠴᠤᠷᠠᠩᠭᠤᠢ ᠰᠣᠶᠣᠯ
ᠨᠡᠶᠢᠲᠡᠯᠡᠭᠰᠡᠨ ᠴᠠᠭ᠄
2024/10/31
    ᠦᠬᠠᠢ ᠬᠤᠳᠠ ᠥᠪᠥᠷ ᠮᠣᠩᠭᠤᠯ ᠤᠨ ᠪᠠᠷᠠᠭᠤᠨ ᠡᠮᠦᠨᠡᠲᠦ ᠬᠡᠰᠡᠭ ᠲᠤ ᠪᠠᠶᠢᠷᠢᠯᠠᠵᠤ᠂ ᠵᠡᠭᠦᠨᠰᠢ ᠣᠷᠳᠣᠰ ᠤᠨ ᠥᠨᠳᠦᠷᠯᠢᠭ ᠲᠠᠢ ᠬᠥᠷᠰᠢᠯᠡᠵᠦ᠂ ᠡᠮᠦᠨᠡᠰᠢ ᠪᠠᠨ ᠨᠢᠩᠰᠢᠶᠠ ᠶᠢᠨ ᠬᠤᠲᠣᠩ ᠦᠨᠳᠦᠰᠦᠲᠡᠨ ᠤ ᠥᠪᠡᠷᠲᠡᠭᠡᠨ ᠵᠠᠰᠠᠬᠤ ᠣᠷᠣᠨ ᠤ ᠱᠢ ᠽᠦᠢ ᠱᠠᠨ ᠬᠤᠳᠠ ᠲᠠᠢ ᠭᠤᠣᠯ ᠠᠯᠤᠰᠯᠠᠨ ᠪᠠᠷᠠᠯᠠᠵᠤ᠂ ᠪᠠᠷᠠᠭᠤᠨᠰᠢ ᠪᠠᠨ ᠠᠯᠠᠱᠠ ᠵᠡᠭᠦᠨ ᠬᠤᠰᠢᠭᠤ ᠲᠠᠢ ᠵᠠᠯᠭᠠᠯᠳᠤᠵᠤ᠂ ᠤᠮᠠᠷᠠᠰᠢ ᠪᠠᠨ ᠪᠣᠷᠣᠳᠣᠬᠤᠢ ᠶᠢᠨ ᠲᠠᠯ᠎ᠠ ᠭᠠᠵᠠᠷ ᠲᠠᠢ ᠬᠠᠪᠢᠳᠠᠵᠤ ᠪᠤᠢ᠃ ᠠᠳᠡᠬᠢ ᠰᠣᠶᠣᠯ ᠤᠨ ᠥᠪ ᠡᠯᠪᠡᠭ ᠪᠠᠶᠠᠯᠢᠭ᠂ ᠤᠷᠠᠨ ᠳᠥᠰᠢ ᠠᠭᠤᠯᠠ ᠶᠢᠨ ᠬᠠᠳᠠᠨ ᠵᠢᠷᠤᠭ᠂ ᠰᠢᠨ ᠳ᠋ᠢ ᠡᠷᠲᠡᠨ ᠤ ᠬᠤᠲᠠ ᠵᠢᠴᠢ ᠡᠷᠭᠢᠨ ᠲᠣᠭᠤᠷᠢᠨ ᠤ ᠣᠩᠭᠤᠨ᠂ ᠬᠠᠶᠢᠷᠤᠪ ᠤᠨ ᠲᠣᠬᠤᠢ ᠶᠢᠨ ᠪᠠᠭᠤᠷᠢ᠂ ᠴᠢᠨ ᠤᠯᠤᠰ ᠤᠨ ᠤᠷᠲᠤ ᠴᠠᠭᠠᠨ ᠬᠡᠷᠡᠮ ᠁ ᠪᠤᠢ᠃    ᠲᠠᠯ᠎ᠠ ᠨᠤᠲᠤᠭ ᠤᠨ ᠰᠣᠶᠣᠯ᠂ ᠬᠠᠲᠤᠨ ᠭᠤᠣᠯ ᠤᠨ ᠰᠣᠶᠣᠯ᠂ ᠳ᠋ᠠ ᠶᠣᠣ ᠶᠢᠨ ᠰᠣᠶᠣᠯ᠂ ᠣᠷᠳᠣᠰ ᠤᠨ ᠬᠦᠷᠡᠯ ᠵᠡᠪᠰᠡᠭ ᠤᠨ ᠰᠣᠶᠣᠯ᠂ ᠬᠠᠳᠠᠨ ᠵᠢᠷᠤᠭ ᠤᠨ ᠰᠣᠶᠣᠯ ᠠᠳᠡ ᠰᠣᠯᠪᠢᠴᠠᠨ ᠠᠭᠤᠰᠤᠯᠴᠠᠵᠤ᠂ ᠥᠨᠢ ᠤᠳᠠᠭᠠᠨ ᠲᠡᠦᠬᠡ ᠲᠠᠢ᠂ ᠥᠪᠡᠷᠮᠢᠴᠡ ᠣᠨᠴᠠᠯᠢᠭ ᠲᠠᠢ᠂ ᠳᠦᠷᠪᠡᠨ ᠵᠦᠭ ᠢ ᠠᠭᠤᠰᠤᠯᠴᠠᠭᠤᠯᠤᠭᠰᠠᠨ ᠥᠪᠥᠷ ᠮᠣᠩᠭᠤᠯ ᠤᠨ ᠬᠠᠳᠤᠨ ᠭᠤᠣᠯ ᠤᠨ ᠰᠣᠶᠣᠯ ᠢ ᠪᠤᠢ ᠪᠣᠯᠭᠠᠵᠠᠢ᠃ᠠᠭᠤᠯᠠ ᠭᠤᠣᠯ ᠢ ᠲᠣᠭᠤᠷᠢᠨ ᠮᠢᠩᠭᠠᠨ ᠣᠨ ᠢ ᠰᠤᠨᠳᠠᠯᠠᠨ᠎ᠠ    ᠬᠠᠳᠤᠨ ᠭᠤᠣᠯ ᠮᠢᠩᠭᠠᠨ ᠤᠷᠤᠰᠬᠠᠯ ᠢ ᠬᠠᠮᠤᠷᠴᠤ᠂ ᠨᠢᠩᠰᠢᠶᠠ ᠶᠢᠨ ᠱᠢ ᠽᠦᠢ ᠱᠠᠨ ᠠᠭᠤᠯᠠ ᠶᠢ ᠥᠩᠭᠡᠷᠡᠭᠡᠳ᠂ ᠤᠮᠠᠷᠠᠰᠢ ᠶᠡᠭᠡ ᠲᠤᠬᠠᠢ ᠶᠢᠨ ᠠᠶᠠᠨ ᠢᠶᠠᠨ ᠡᠬᠢᠯᠡᠭᠦᠯᠳᠡᠭ᠃ ᠯᠠᠮᠠ ᠶᠢᠨ ᠲᠣᠬᠤᠢ ᠠᠴᠠ ᠬᠠᠶᠢᠷᠤᠪ ᠤᠨ  ᠲᠣᠬᠤᠢ ᠬᠦᠷᠲᠡᠯᠡᠬᠢ ᠬᠡᠰᠡᠭ ᠨᠢ ᠶᠡᠷᠦ ᠠᠴᠠ ᠬᠠᠲᠤᠨ ᠭᠤᠣᠯ ᠤᠨ ᠠᠯᠲᠠᠨ ᠪᠦᠰᠡ ᠭᠡᠳᠡᠭ ᠨᠡᠷ᠎ᠡ ᠲᠠᠢ ᠶᠤᠮ᠂ ᠬᠠᠶᠢᠷᠤᠪ ᠤᠨ ᠲᠣᠬᠤᠢ ᠳᠠᠬᠢ ᠦᠬᠠᠢ ᠬᠤᠲᠠ ᠪᠣᠯ ᠡᠨᠡ ᠬᠦ ᠠᠯᠲᠠᠨ ᠪᠦᠰᠡᠨ ᠳᠡᠭᠡᠷᠡᠬᠢ ᠨᠢᠭᠡᠨ ᠬᠡᠷᠡᠯᠳᠦ ᠰᠤᠪᠤᠳ ᠪᠣᠯᠣᠨ᠎ᠠ᠂ ᠬᠠᠲᠤᠨ ᠭᠤᠣᠯ ᠤᠨ ᠳᠤᠮᠳᠠᠳᠤ ᠤᠷᠤᠰᠬᠠᠯ ᠨᠢ ᠡᠮᠦᠨᠡᠰᠢ ᠤᠮᠠᠷᠠᠰᠢ ᠪᠠᠷ ᠨᠡᠪᠲᠡᠷᠡᠵᠦ ᠪᠠᠶᠢᠳᠠᠭ᠃
6386530244177118087423343.png
    ᠤᠷᠠᠨ ᠳᠥᠰᠢ ᠠᠭᠤᠯᠠ ᠶᠢᠨ ᠬᠠᠳᠠᠨ ᠵᠢᠷᠤᠭ ᠤᠨ ᠰᠦᠷᠦᠭᠵᠢᠯ ᠳᠤ ᠵᠤᠭᠤᠰᠤᠳᠤ ᠶᠢᠨ ᠭᠤᠣᠯ ᠤᠨ ᠬᠠᠳᠠᠨ ᠵᠢᠷᠤᠭ ᠨᠢ ᠮᠠᠰᠢ ᠲᠥᠯᠥᠭᠡᠯᠡᠬᠦ ᠴᠢᠨᠠᠷᠲᠠᠢ᠃                                  ᠸᠠᠩ ᠬᠠᠨ ᠲᠢᠩ    ᠰᠡᠭᠦᠳᠡᠷᠯᠡᠪᠡ    ᠭᠠᠵᠠᠷ ᠵᠦᠢ ᠶᠢᠨ ᠪᠠᠶᠢᠳᠠᠯ ᠠᠴᠠ ᠠᠪᠴᠤ ᠬᠡᠯᠡᠪᠡᠯ᠂ ᠦᠬᠠᠢ ᠶᠢᠨ ᠣᠷᠣᠰᠢᠵᠤ ᠪᠦᠬᠦᠢ ᠨᠠᠷᠢᠨ ᠣᠷᠳᠣ ᠪᠦᠰᠡᠯᠢᠭ ᠣᠷᠣᠨ ᠨᠢ ᠶᠠᠭ ᠰᠠᠶᠢᠬᠠᠨ ᠮᠣᠩᠭᠤᠯ ᠤᠨ ᠥᠨᠳᠦᠷᠯᠢᠭ ᠪᠣᠯᠣᠨ ᠰᠢᠷ᠎ᠠ ᠬᠥᠷᠥᠰᠥᠲᠦ ᠥᠨᠳᠦᠷᠯᠢᠭ ᠤᠨ ᠠᠭᠤᠯᠵᠠᠷ ᠣᠷᠣᠨ ᠳᠤ ᠣᠷᠣᠰᠢᠵᠤ᠂ ᠳᠣᠯᠭᠢᠶᠠᠯᠠᠨ ᠤᠷᠤᠰᠬᠤ ᠬᠠᠲᠤᠨ ᠭᠤᠣᠯ ᠲᠡᠭᠦᠨ ᠢ ᠲᠠᠰᠤᠯᠵᠤ᠂ ︽川︾ᠥᠰᠥᠭ ᠤᠨ ᠬᠡᠯᠪᠡᠷᠢᠲᠦ ᠭᠠᠵᠠᠷ ᠣᠷᠣᠨ ᠪᠣᠯᠤᠭᠰᠠᠨ ᠪᠠᠶᠢᠨ᠎ᠠ᠃ ᠵᠡᠭᠦᠨ ᠲᠠᠯ᠎ᠠ ᠨᠢ ᠡᠮᠦᠨᠡᠰᠢ ᠤᠮᠠᠷᠠᠰᠢ ᠴᠢᠭᠯᠡᠯ ᠲᠠᠢ ᠤᠷᠠᠨ ᠳᠥᠰᠢ ᠠᠭᠤᠯᠠ᠂ ᠪᠠᠷᠠᠭᠤᠨ ᠲᠠᠯ᠎ᠠ ᠨᠢ ᠤᠯᠠᠭᠠᠨᠪᠤᠬ᠎ᠠ ᠶᠢᠨ ᠡᠯᠡᠰᠦ᠂ ᠳᠤᠮᠳᠠ ᠨᠢ ᠡᠮᠦᠨ᠎ᠡ ᠠᠴᠠ ᠤᠮᠠᠷᠠᠰᠢ ᠤᠷᠤᠰᠬᠤ ᠬᠠᠲᠤᠨ ᠭᠤᠣᠯ ᠪᠠᠶᠢᠵᠤ᠂ ᠦᠬᠠᠢ ᠶᠢᠨ ᠣᠷᠣᠰᠢᠵᠤ ᠪᠠᠶᠢᠭ᠎ᠠ ᠡᠨᠡ ᠬᠦ ᠨᠠᠷᠢᠨ ᠤᠷᠲᠤ ᠪᠦᠰᠡᠯᠢᠭ ᠣᠷᠣᠨ ᠢ ᠦᠬᠠᠢ ᠶᠢᠨ︽ᠵᠠᠮ ᠭᠤᠳᠣᠩ︾ ᠪᠤᠶᠤ ︽ᠦᠬᠠᠢ ᠶᠢᠨ ᠬᠤᠩᠭᠢᠯ︾ ᠭᠡᠳᠡᠭ᠃    ᠦᠬᠠᠢ ᠪᠣᠯ ᠣᠷᠳᠣᠰ ᠤᠨ ᠥᠨᠳᠦᠷᠯᠢᠭ ᠤᠨ ᠪᠠᠷᠠᠭᠤᠨ ᠬᠤᠶᠢᠲᠤ  ᠪᠤᠯᠤᠩ ᠳᠤ ᠪᠠᠶᠢᠷᠢᠯᠠᠵᠤ᠂ ᠬᠠᠳᠤᠨ ᠭᠤᠣᠯ ᠡᠮᠦᠨ᠎ᠡ ᠠᠴᠠ ᠤᠮᠠᠷᠠᠰᠢ ᠬᠡᠷᠴᠢᠨ ᠥᠩᠭᠡᠷᠡᠵᠦ᠂ ᠦᠬᠠᠢ ᠶᠢ ᠭᠤᠣᠯ ᠤᠨ ᠵᠡᠭᠦᠨ᠂  ᠪᠠᠷᠠᠭᠤᠨ ᠭᠡᠬᠦ ᠬᠤᠶᠠᠷ ᠭᠠᠵᠠᠷ ᠵᠦᠢ ᠶᠢᠨ ᠨᠢᠭᠡᠴᠢ ᠪᠣᠯᠭᠠᠨ ᠬᠤᠪᠢᠶᠠᠳᠠᠭ᠃ ᠭᠤᠣᠯ ᠤᠨ ᠪᠠᠷᠠᠭᠤᠨ ᠲᠠᠯ᠎ᠠ ᠶᠢᠨ ᠠᠭᠤᠯᠠᠷᠬᠠᠭ ᠭᠠᠵᠠᠷ ᠨᠢ ᠠᠯᠠᠱᠠ ᠠᠭᠤᠯᠠ ᠨᠢᠷᠤᠭᠤ ᠳᠤ ᠬᠠᠷᠢᠶᠠᠯᠠᠭᠳᠠᠵᠤ᠂ ᠭᠤᠣᠯ ᠤᠨ ᠵᠡᠭᠦᠨ ᠲᠠᠯ᠎ᠠ ᠳᠤ ᠨᠢᠩᠰᠢᠶᠠ ᠪᠣᠯᠣᠨ ᠦᠬᠠᠢ ᠶᠢᠨ ᠠᠭᠤᠯᠵᠠᠷ ᠤᠨ ᠱᠢ ᠽᠦᠢ ᠽᠢ ᠬᠡᠮᠡᠬᠦ ᠭᠠᠵᠠᠷ ᠪᠠᠶᠢᠵᠤ᠂ ᠲᠡᠦᠬᠡᠨ ᠳᠡᠭᠡᠷᠡᠬᠢ ᠮᠣᠩᠭᠤᠯ  ᠪᠣᠯᠣᠨ ᠪᠠᠷᠠᠭᠤᠨ ᠰᠢᠶᠠ ᠤᠯᠤᠰ ᠲᠤ ᠡᠭᠦᠰᠦᠭᠰᠠᠠ ᠴᠢᠬᠤᠯᠠ ᠳᠠᠶᠢᠨ ᠤ ᠭᠠᠵᠠᠷ ᠪᠤᠯᠬᠤ ᠺᠧ ᠢ ᠮᠧᠨ ᠬᠠᠭᠠᠯᠭ᠎ᠠ ᠪᠠᠶᠢᠵᠤ᠂ ᠱᠢ ᠽᠦᠢ ᠽᠢ ᠠᠴᠠ ᠤᠮᠠᠷᠠᠰᠢ ᠨᠢᠩᠰᠢᠶᠠ ᠶᠢᠨ ᠲᠠᠯ᠎ᠠ ᠭᠠᠵᠠᠷ ᠢᠶᠠᠷ ᠥᠩᠭᠡᠷᠡᠵᠦ᠂ ᠤᠯᠠᠭᠠᠨᠪᠤᠬ᠎ᠠ ᠡᠯᠡᠰᠦᠨ ᠳᠤ  ᠭᠦᠷᠳᠡᠭ ᠪᠠᠶᠢᠨ᠎ᠠ᠃
2.png
     ᠣᠷᠳᠣᠰ ᠬᠤᠲᠠ ᠶᠢᠨ ᠣᠲᠤᠭ ᠬᠤᠰᠢᠭᠤᠨ ᠤ ᠣᠪᠣᠭᠠᠲᠤ ᠳᠠᠬᠢ ︵ᠹᠧᠩ ᠬᠤᠸᠠᠩ ᠱᠠᠨ︶ ᠬᠠᠨ ᠤᠯᠤᠰ ᠤᠨ ᠣᠩᠭᠤᠨ ᠤ ᠬᠠᠨ᠎ᠠ ᠶᠢᠨ ᠵᠢᠷᠤᠭ    ᠪᠠᠷᠤᠭ 6800 ᠵᠢᠯ ᠤᠨ ᠡᠮᠦᠨ᠎ᠡ᠂ ᠵᠦᠩᠶᠤᠸᠠᠨ ᠣᠷᠣᠨ ᠤ ᠳᠣᠲᠣᠷ᠎ᠠ ᠭᠠᠵᠠᠷ ᠠᠴᠠ ᠢᠷᠡᠭᠰᠡᠨ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠶᠠᠩᠱᠤᠤ ᠶᠢᠨ ᠰᠣᠶᠣᠯ ᠤᠨ ᠲᠠᠷᠢᠶᠠᠴᠢᠳ ᠪᠣᠷᠣᠳᠣᠬᠤᠢ ᠣᠷᠣᠨ ᠳᠤ ᠢᠷᠡᠵᠦ ᠰᠠᠭᠤᠷᠢᠰᠢᠪᠠ᠃ ᠶᠠᠩᠱᠤᠤ ᠶᠢᠨ ᠰᠣᠶᠣᠯ ᠢ ᠭᠥᠷᠳᠡᠭᠰᠡᠨ ᠬᠥᠮᠥᠰ ᠥᠩᠭᠡᠲᠦ ᠸᠠᠭᠠᠷ ᠪᠣᠯᠣᠨ ᠲᠡᠭᠡᠷᠮ᠎ᠡ ᠶᠢᠨ ᠴᠢᠯᠠᠭᠤᠨ ᠵᠡᠪᠰᠡᠭ ᠢ ᠬᠡᠷᠡᠭᠯᠡᠨ᠂ ᠪᠠᠯᠠᠷ ᠡᠷᠲᠡᠨ ᠤ ᠲᠠᠷᠢᠶᠠᠯᠠᠩ ᠡᠷᠭᠢᠯᠡᠵᠦ᠂ ᠵᠢᠭᠠᠰᠤ ᠠᠩᠨᠠᠬᠤ᠂ ᠲᠡᠭᠦᠵᠦ ᠴᠤᠭᠯᠠᠭᠤᠯᠬᠤ ᠵᠡᠷᠭᠡ ᠠᠵᠢᠯ ᠢ ᠬᠠᠮᠲᠤ  ᠳᠤᠨᠢ ᠬᠢᠵᠦ᠂ ᠲᠡᠳᠡᠠ ᠤ ᠣᠷᠣᠰᠢᠨ ᠰᠠᠭᠤᠷᠢᠰᠢᠵᠤ ᠪᠠᠶᠢᠭᠰᠠᠨ ᠬᠠᠮᠤᠭ ᠤᠨ ᠪᠠᠷᠠᠭᠤᠨ ᠬᠤᠶᠢᠲᠤ ᠣᠷᠣᠨ ᠨᠢ ᠳᠠᠷᠤᠢ ᠥᠨᠥᠳᠥᠷ ᠤᠨ ᠦᠬᠠᠢ ᠶᠢᠨ ᠬᠡᠰᠡᠭ ᠪᠠᠶᠢᠵᠠᠢ᠃    ᠬᠦᠷᠡᠯ ᠵᠡᠪᠰᠡᠭ ᠤᠨ ᠴᠠᠭ ᠦᠶ᠎ᠡ ᠳᠤ ᠣᠷᠣᠭᠰᠠᠨ ᠤ ᠳᠠᠷᠠᠭ᠎ᠠ᠂ ᠮᠤᠨᠢ ᠠᠭᠤᠯᠠ- ᠠᠯᠠᠱᠠ ᠠᠭᠤᠯᠠᠨ ᠳᠤ ᠰᠠᠭᠤᠷᠢᠰᠢᠵᠤ ᠪᠠᠶᠢᠭ᠎ᠠ ᠬᠥᠮᠥᠰ ᠤᠨ ᠦᠯᠡᠳᠡᠭᠡᠭᠰᠡᠨ ᠰᠣᠶᠣᠯ ᠤᠨ ᠦᠯᠡᠳᠡᠭᠳᠡᠯ ᠳᠤ ᠭᠤᠣᠯᠳᠠᠭᠤ ᠴᠢᠯᠠᠭᠤᠨ ᠣᠩᠭᠤᠨ᠂ ᠬᠠᠳᠠᠨ ᠵᠢᠷᠤᠭ ᠭᠡᠵᠦ ᠬᠤᠶᠠᠷ ᠲᠥᠷᠥᠯ ᠪᠠᠶᠢᠳᠠᠭ᠃ ᠬᠠᠲᠠᠨ ᠵᠢᠷᠤᠭ ᠤᠨ ᠠᠭᠤᠯᠭ᠎ᠠ ᠠᠴᠠ ᠦᠵᠡᠪᠡᠯ᠂ ᠠᠩ ᠠᠩᠨᠠᠯ ᠢᠶᠠᠷ ᠭᠤᠣᠯᠯᠠᠵᠤ ᠪᠠᠶᠢᠭᠰᠠᠨ ᠢᠶᠠᠷ ᠪᠠᠷᠠᠬᠤ ᠦᠭᠡᠢ ᠨᠡᠭᠦᠳᠡᠯ ᠠᠩᠨᠠᠯ ᠢᠶᠠᠷ ᠭᠤᠣᠯᠯᠠᠵᠤ ᠪᠠᠶᠢᠵᠠᠢ᠃    ᠣᠳᠣᠬᠠᠨ ᠪᠤᠯᠳᠠᠯ᠎ᠠ ᠦᠬᠠᠢ ᠣᠷᠣᠨ ᠳᠤ ᠣᠨ ᠵᠢᠯ ᠢᠶᠠᠷ ᠬᠠᠮᠤᠭ ᠤᠨ ᠡᠷᠲᠡᠨ ᠤ ᠪᠠᠭᠤᠷᠢ ᠶᠢ ᠢᠯᠡᠷᠡᠭᠦᠯᠪᠡ᠂ ᠡᠨᠡ ᠪᠠᠭᠤᠷᠢ ᠨᠢ ᠳᠠᠷᠤᠢ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠬᠠᠶᠢᠷᠤᠪ ᠤᠨ ᠲᠣᠬᠤᠢ ᠶᠢᠨ ᠪᠠᠭᠤᠷᠢ ᠪᠠᠶᠢᠵᠤ᠂ ᠬᠦᠷᠡᠯ ᠵᠡᠪᠰᠡᠭ ᠤᠨ ᠦᠶ᠎ᠡ ᠳᠤ ᠡᠨᠡ ᠭᠠᠵᠠᠷ ᠣᠷᠣᠨ ᠳᠤ ᠠᠩᠴᠢᠳ ᠤᠨ ᠰᠦᠷᠦᠭᠵᠢᠯ ᠤᠨ ᠬᠥᠳᠡᠯᠭᠡᠭᠡᠨ ᠲᠠᠢ ᠪᠠᠶᠢᠭᠰᠠᠨ ᠢ ᠭᠡᠷᠡᠴᠢᠯᠡᠵᠡᠢ᠃ ᠤᠷᠠᠨ ᠳᠥᠰᠢ ᠠᠭᠤᠯᠠ ᠨᠢ ᠠᠯᠠᠱᠠ ᠠᠭᠤᠯᠠ ᠨᠢᠷᠤᠭᠤ ᠪᠣᠯᠤᠭᠰᠠᠨ ᠤ ᠬᠤᠪᠢ ᠳᠤ᠂ ᠮᠤᠨᠢ ᠠᠭᠤᠯᠠ - ᠠᠯᠠᠱᠠ ᠠᠭᠤᠯᠠ ᠶᠢᠨ ᠬᠠᠳᠠᠨ ᠵᠢᠷᠤᠭ ᠤᠨ ᠪᠦᠰᠡᠨ ᠳᠠᠬᠢ ᠴᠣᠷ ᠤᠨ ᠭᠠᠭᠴᠠ ᠬᠠᠲᠤᠨ ᠭᠤᠣᠯ ᠤᠨ ᠬᠡᠰᠡᠭ ᠲᠤ ᠭᠦᠨᠵᠡᠭᠡᠶᠢᠷᠡᠭᠰᠡᠨ ᠬᠠᠳᠠᠨ ᠵᠢᠷᠤᠭ ᠤᠨ ᠣᠷᠣᠨ ᠪᠣᠯᠤᠭᠰᠠᠨ ᠪᠠᠶᠢᠨ᠎ᠠ᠃
3.png
    ᠰᠢᠨ ᠳ᠋ᠢ ᠡᠷᠲᠡᠨ ᠤ ᠬᠤᠲᠠ ᠶᠢᠨ ᠪᠠᠭᠤᠷᠢ ᠠᠴᠠ ᠣᠯᠳᠠᠭᠰᠠᠨ ᠪᠠᠷᠠᠭᠤᠨ ᠬᠠᠨ ᠤᠯᠤᠰ ᠤᠨ ᠳᠥᠷᠪᠡᠨ ᠪᠥᠮᠪᠥᠷᠭᠡᠨ ᠲᠠᠢ ᠤᠳᠤᠨ ᠭᠠᠷᠠᠭ ᠤᠨ ᠬᠡ ᠲᠠᠢ ᠵᠡᠰ ᠲᠣᠯᠢ    ᠴᠢᠨ᠂ ᠬᠠᠨ᠂ ᠲᠠᠩ ᠤᠯᠤᠰ ᠤᠨ ᠨᠡᠶᠢᠰᠯᠡᠯ ᠨᠢ ᠴᠥᠮ ᠥᠨᠥᠳᠥᠷ ᠤᠨ ᠱᠠᠨᠰᠢ ᠶᠢᠨ ᠭᠤᠸᠠᠨᠵᠦ᠋ᠩ ᠣᠷᠣᠨ ᠳᠤ ᠪᠠᠶᠢᠵᠤ᠂ ᠪᠣᠷᠣᠳᠣᠬᠤᠢ ᠶᠢᠨ ᠪᠠᠶᠢᠯᠳᠤᠬᠤ ᠪᠣᠳᠣᠯᠭ᠎ᠠ ᠶᠢᠨ ᠴᠢᠬᠤᠯᠠ ᠪᠠᠶᠢᠷᠢ ᠰᠠᠭᠤᠷᠢ ᠶᠢ ᠡᠵᠡᠯᠡᠵᠦ ᠪᠠᠶᠢᠪᠠ᠃ ᠴᠢᠨ ᠤᠯᠤᠰ᠂ ᠪᠠᠷᠠᠭᠤᠨ ᠬᠠᠨ ᠤᠯᠤᠰ ᠮᠤᠨᠢ ᠠᠭᠤᠯᠠ ᠨᠢᠷᠤᠭᠤ ᠪᠠᠷ ᠣᠷᠳᠣ ᠴᠠᠭᠠᠨ ᠬᠡᠷᠡᠮ ᠪᠠᠶᠢᠭᠤᠯᠵᠤ᠂ ᠲᠠᠩ ᠤᠯᠤᠰ ᠤᠨ ᠦᠶ᠎ᠡ ᠪᠤᠯᠬᠤ ᠳᠤ ᠶᠡᠭᠡ ᠬᠡᠮᠵᠢᠶᠡᠨ ᠤ ᠴᠡᠷᠢᠭ ᠤᠨ ᠪᠠᠯᠭᠠᠰᠤ ᠪᠠᠶᠢᠭᠤᠯᠵᠠᠢ᠂ ᠡᠨᠡ ᠨᠢ ᠭᠤᠪᠢ ᠪᠠᠷ ᠬᠠᠲᠤᠨ ᠭᠤᠣᠯ ᠢ ᠭᠡᠲᠦᠯᠵᠦ ᠨᠡᠶᠢᠰᠯᠡᠯ ᠴᠠᠩ ᠠᠨ ᠳᠤ ᠬᠦᠷᠬᠦ ᠡᠭᠦᠳᠡ ᠪᠣᠯᠬᠤᠷ ︽ᠤᠯᠤᠰ ᠤᠨ ᠤᠮᠠᠷᠠᠲᠤ ᠡᠭᠦᠳᠡ︾᠂︽ᠬᠢᠯᠢ ᠬᠢᠵᠠᠭᠠᠷ ᠤᠨ ᠴᠢᠬᠤᠯᠠ ᠣᠷᠣᠨ︾ᠬᠡᠮᠡᠭᠳᠡᠵᠦ᠂ ᠲᠠᠯ᠎ᠠ ᠨᠤᠲᠤᠭ ᠤᠨ ᠲᠣᠷᠭᠠᠨ ᠵᠠᠮ ᠳᠡᠭᠡᠷᠡᠬᠢ ᠣᠷᠣᠯᠠᠵᠤ ᠪᠣᠯᠣᠰᠢ ᠦᠭᠡᠢ ᠵᠠᠮ ᠬᠠᠷᠢᠯᠴᠠᠭᠠᠨ ᠤ ᠭᠤᠣᠯ ᠬᠦᠢᠰᠦ ᠪᠠ ᠰᠣᠯᠢᠯᠴᠠᠭᠠᠨ ᠤ ᠴᠢᠬᠤᠯᠠ ᠵᠠᠮ ᠪᠣᠯᠤᠭᠰᠠᠨ ᠪᠠᠶᠢᠨ᠎ᠠ᠃    ᠦᠬᠠᠢ ᠣᠷᠣᠨ ᠨᠢ ᠬᠠᠲᠤᠨ ᠭᠤᠣᠯ ᠤᠨ ᠬᠥᠪᠡᠭᠡᠨ ᠳᠤ ᠪᠠᠶᠢᠷᠢᠯᠠᠵᠤ᠂ ᠤᠰᠤᠨ ᠤ ᠡᠬᠢ ᠰᠤᠷᠪᠤᠯᠵᠢ ᠭᠦᠢᠴᠡᠳ᠂  ᠠᠭᠤᠯᠠ ᠲᠠᠢ ᠲᠠᠯ᠎ᠠ ᠲᠠᠢ᠂ ᠶᠠᠭ ᠰᠠᠶᠢᠬᠠᠨ ᠪᠠᠷᠠᠭᠤᠨ ᠰᠢᠶᠠ ᠤᠯᠤᠰ ᠤᠨ ᠵᠠᠰᠠᠭ ᠤᠨ ᠭᠠᠵᠠᠷ ᠤᠨ ᠬᠠᠮᠢᠶᠠᠷᠤᠨ ᠡᠵᠡᠮᠳᠡᠬᠦ ᠬᠡᠪᠴᠢᠶᠡᠨ ᠳᠣᠲᠣᠷᠠᠬᠢ ᠡᠮᠦᠨ᠎ᠡ ᠤᠮᠠᠷ᠎ᠠ ᠶᠢ ᠵᠠᠭᠠᠭᠯᠠᠭᠰᠠᠨ ᠳᠠᠪᠠᠭ᠎ᠠ ᠪᠣᠯᠣᠨ᠎ᠠ᠃ ᠪᠠᠷᠠᠭᠤᠨ ᠰᠢᠶᠠ ᠤᠯᠤᠰ ᠤᠨ ᠦᠶ᠎ᠡ ᠳᠤ ᠨᠢᠩᠰᠢᠶᠠ ᠶᠢᠨ ᠲᠠᠯ᠎ᠠ ᠭᠠᠵᠠᠷ ᠲᠤ ᠬᠠᠲᠤᠨ ᠭᠤᠣᠯ ᠪᠣᠯᠣᠨ ᠠᠯᠠᠱᠠ ᠠᠭᠤᠯᠠ ᠶᠢᠨ ᠪᠠᠶᠢᠭᠠᠯᠢ ᠶᠢᠨ ᠦᠵᠡᠮᠵᠢᠲᠦ ᠣᠷᠣᠨ ᠪᠠᠶᠢᠵᠤ᠂ ᠲᠡᠦᠬᠡᠨ ᠠᠴᠠ ︽ᠠᠭᠤᠯᠠ ᠭᠤᠣᠯ ᠢ ᠲᠣᠭᠤᠷᠢᠭᠰᠠᠨ︾ ᠠᠰᠢᠭᠲᠠᠢ ᠭᠠᠵᠠᠷ ᠤᠨ ᠪᠠᠶᠢᠴᠠ ᠪᠦᠬᠦᠢ ᠬᠡᠯᠡᠯᠭᠡ ᠲᠠᠢ ᠪᠠᠶᠢᠳᠠᠭ᠂ ᠬᠡᠷᠪᠡ ᠳᠡᠯᠭᠡᠷᠡᠩᠭᠦᠢ ᠤᠳᠬ᠎ᠠ ᠶᠢᠨ ᠭᠠᠵᠠᠷ ᠵᠦᠢ ᠶᠢᠨ ᠬᠦᠷᠢᠶ᠎ᠡ ᠬᠡᠪᠴᠢᠶ᠎ᠡ ᠠᠴᠠ ᠠᠪᠴᠤ ᠦᠵᠡᠪᠡᠯ᠂ ᠦᠬᠠᠢ ᠣᠷᠣᠨ ᠪᠣᠯ ᠳᠠᠷᠤᠢ ᠡᠨᠡ ᠬᠦ ︽ᠠᠭᠤᠯᠠ ᠭᠤᠣᠯ ᠢ  ᠲᠣᠭᠤᠷᠢᠭᠰᠠᠨ︾ ᠭᠠᠵᠠᠷ ᠤᠨ ᠬᠤᠶᠢᠲᠤ ᠬᠡᠰᠡᠭ ᠪᠣᠯᠣᠨ᠎ᠠ᠃
4.png
    ᠦᠬᠠᠢ ᠮᠦᠽᠧᠢ ᠳᠤ ᠬᠠᠳᠠᠭᠠᠯᠠᠭᠳᠠᠵᠤ ᠪᠠᠶᠢᠭ᠎ᠠ ᠲᠣᠭᠤᠷᠢᠭ ᠬᠡᠯᠪᠡᠷᠢᠲᠦ ᠥᠯᠵᠡᠶᠢᠲᠦ ᠡᠭᠦᠯᠡᠨ ᠬᠡ ᠶᠢᠨ ᠰᠡᠶᠢᠯᠦᠮᠡᠯ ᠪᠦᠬᠦᠢ ᠥᠨᠳᠥᠷ ᠬᠤᠨᠳᠠᠭ᠎ᠠ    ᠮᠢᠩ ᠤᠯᠤᠰ ᠤᠨ ᠦᠶ᠎ᠡ ᠳᠠᠬᠢ ᠦᠬᠠᠢ ᠣᠷᠣᠨ ᠪᠣᠯ ᠨᠡᠭᠦᠳᠡᠯᠴᠢᠨ ᠦᠨᠳᠦᠰᠦᠲᠡᠨ ᠬᠢᠭᠡᠳ ᠲᠠᠷᠢᠶᠠᠯᠠᠬᠤ ᠦᠨᠳᠦᠰᠦᠲᠡᠨ ᠰᠣᠯᠪᠢᠴᠠᠭᠰᠠᠨ ᠭᠠᠵᠠᠷ ᠣᠷᠣᠨ ᠪᠣᠯᠣᠨ᠎ᠠ᠃ ᠦᠬᠠᠢ ᠶᠢᠨ ᠭᠠᠵᠠᠷ ᠵᠦᠢ ᠶᠢᠨ ᠴᠢᠬᠤᠯᠠ ᠪᠠᠶᠢᠷᠢᠯᠠᠯ ᠨᠢ ᠭᠤᠣᠯ ᠢ ᠳᠠᠭᠠᠵᠤ ᠪᠠᠶᠢᠷᠢᠰᠢᠳᠠᠭ ᠪᠣᠯᠬᠤᠷ ᠡᠮᠦᠨ᠎ᠡ ᠤᠮᠠᠷ᠎ᠠ ᠶᠢ ᠬᠤᠯᠪᠣᠭᠰᠠᠨ ᠢᠪᠴᠤᠤ ᠣᠷᠳᠣ ᠭᠠᠵᠠᠷ ᠤᠨ ᠪᠠᠶᠢᠴᠠ ᠶᠢᠨ ᠣᠨᠴᠠᠯᠢᠭ ᠠᠴᠠ ᠪᠣᠯᠵᠤ ᠲᠣᠨᠣᠯᠵᠢᠨ ᠵᠠᠮ ᠪᠤᠢ ᠪᠣᠯᠤᠭᠰᠠᠨ ᠪᠠᠶᠢᠨ᠎ᠠ᠃ ᠡᠮᠦᠨᠡᠰᠢ ᠤᠮᠠᠷᠠᠰᠢ ᠪᠠᠨ ᠣᠲᠣ ᠶᠢᠨ ᠪᠣᠷᠣᠳᠣᠬᠤᠢ ᠶᠢᠨ ᠲᠠᠯ᠎ᠠ ᠭᠠᠵᠠᠷ ᠠᠴᠠ ᠨᠢᠩᠰᠢᠶᠠ ᠬᠦᠷᠬᠦ ᠵᠠᠮ ᠪᠠᠶᠢᠵᠤ᠂ ᠵᠡᠭᠦᠨᠰᠢ ᠪᠠᠷᠠᠭᠤᠨᠰᠢ  ᠬᠠᠲᠤᠨ ᠭᠤᠣᠯ ᠤᠨ ᠣᠯᠣᠮ ᠪᠣᠯ ᠣᠷᠳᠣᠰ ᠤᠨ ᠥᠨᠳᠦᠷᠯᠢᠭ ᠠᠴᠠ ᠠᠯᠠᠱᠠ ᠶᠢᠨ ᠲᠠᠯ᠎ᠠ ᠨᠤᠲᠤᠭ ᠲᠤ ᠬᠦᠷᠬᠦ ᠵᠠᠮ ᠪᠠᠶᠢᠵᠤ᠂ ᠠᠯᠠᠱᠠ ᠠᠴᠠ ᠠᠯᠠᠱᠠ ᠠᠭᠤᠯᠠ ᠶᠢ ᠳᠠᠭᠠᠵᠤ ᠵᠥᠩ ᠸᠧᠢ ᠳᠤ ᠬᠦᠷᠴᠦ᠂ ᠳᠠᠭᠢᠨ ᠰᠦᠩᠱᠠᠨ ᠢᠶᠠᠷ ᠳᠡᠮᠵᠢᠨ ᠭᠠᠨᠰᠤ᠂ ᠬᠥᠬᠡᠨᠠᠭᠤᠷ ᠣᠷᠣᠨ ᠳᠤ ᠭᠦᠷᠳᠡᠭ᠃ ᠡᠭᠦᠨ ᠠᠴᠠ ᠦᠬᠠᠢ ᠣᠷᠣᠨ ᠨᠢ ᠲᠤᠬᠠᠢ ᠶᠢᠨ ᠦᠶ᠎ᠡ ᠶᠢᠨ ᠤᠯᠠᠨ ᠦᠨᠳᠦᠰᠦᠲᠡᠨ ᠤ ᠰᠣᠯᠢᠯᠴᠠᠭ᠎ᠠ᠂ ᠤᠯᠠᠨ ᠡᠰᠢᠲᠦ ᠰᠣᠶᠣᠯ ᠠᠭᠤᠰᠤᠯᠴᠠᠭᠰᠠᠨ ᠪᠣᠭᠤᠮᠲᠠ ᠪᠤᠯᠬᠤ ᠶᠢ ᠦᠵᠡᠨ ᠭᠠᠷᠴᠤ ᠪᠣᠯᠣᠨ᠎ᠠ᠃ ᠲᠡᠭᠦᠨ ᠠᠴᠠ ᠬᠤᠶᠢᠰᠢᠬᠢ ᠬᠡᠳᠦᠨ ᠵᠠᠭᠤᠨ ᠵᠢᠯ ᠤᠨ ᠬᠤᠭᠤᠴᠠᠭᠠᠨ ᠳᠤ ᠦᠬᠠᠢ ᠣᠷᠣᠨ ᠨᠢ ᠡᠮᠦᠨ᠎ᠡ ᠤᠮᠠᠷ᠎ᠠ᠂ ᠵᠡᠭᠦᠨ ᠪᠠᠷᠠᠭᠤᠨ ᠢ ᠬᠤᠯᠪᠣᠭᠰᠠᠨ ᠵᠠᠮ ᠬᠠᠷᠢᠯᠴᠠᠭᠠᠨ ᠤ ᠴᠢᠬᠤᠯᠠ ᠭᠠᠵᠠᠷ ᠲᠤ ᠪᠠᠶᠢᠷᠢᠯᠠᠵᠤ ᠪᠠᠶᠢᠭᠰᠠᠨ ᠢᠶᠠᠷ ᠬᠠᠳᠤᠨ ᠭᠤᠣᠯ ᠤᠨ ᠰᠠᠪᠠ ᠭᠠᠵᠠᠷ ᠤᠨ ᠮᠠᠰᠢ ᠴᠢᠬᠤᠯᠠ ︽ᠵᠠᠮ ᠭᠤᠳᠣᠩ︾ ᠪᠣᠯᠤᠭᠰᠠᠨ ᠪᠠᠶᠢᠨ᠎ᠠ᠃︽ᠲᠡᠭᠷᠢ ᠶᠢᠨ ᠪᠢᠴᠢᠭ︾ ᠬᠠᠳᠠᠨ ᠵᠢᠷᠤᠭ ᠪᠤᠭᠤᠷᠤᠯ ᠲᠡᠦᠬᠡ ᠶᠢ ᠬᠦᠦᠷᠨᠢᠨ᠎ᠡ    ᠣᠷᠳᠣᠰ ᠬᠤᠳᠠ ᠶᠢᠨ ᠤᠳᠤᠭ ᠬᠤᠰᠢᠭᠤ ᠪᠣᠯᠣᠨ ᠦᠬᠠᠢ ᠬᠤᠳᠠ ᠶᠢᠨ ᠬᠠᠶᠢᠷᠤᠪ ᠤᠨ ᠲᠣᠬᠤᠢ ᠲᠣᠭᠤᠷᠢᠭ ᠤᠨ ᠠᠭᠤᠯᠵᠠᠷ ᠲᠠᠬᠢ ᠤᠷᠠᠨ ᠳᠥᠰᠢ ᠠᠭᠤᠯᠠᠨ ᠭᠤᠤ ᠳᠤ ᠬᠡᠳᠦᠨ ᠠᠷᠪᠠᠨ ᠭᠠᠵᠠᠷ ᠦᠷᠭᠦᠯᠵᠢᠯᠡᠭᠰᠡᠨ ᠠᠰᠬ᠎ᠠ ᠬᠠᠳᠠ ᠪᠣᠯᠣᠨ ᠭᠤᠤ ᠶᠢᠨ ᠬᠥᠪᠡᠭᠡᠨ ᠳᠠᠬᠢ ᠴᠣᠬᠤᠢ ᠶᠢᠨ ᠬᠠᠳᠠᠨ ᠴᠢᠯᠠᠭᠤ ᠳᠡᠭᠡᠷ᠎ᠡ ᠮᠠᠰᠢ ᠤᠯᠠᠨ ᠡᠷᠲᠡᠨ ᠤ ᠬᠥᠮᠥᠰ ᠤᠨ ᠦᠷᠦᠵᠦ ᠰᠡᠶᠢᠯᠦᠭᠰᠡᠨ ᠬᠠᠳᠠᠨ ᠵᠢᠷᠤᠭ ᠤᠳ ᠲᠠᠷᠬᠠᠵᠤ ᠪᠤᠢ᠃ ᠡᠳᠡᠭᠡᠷ ᠬᠠᠳᠠᠨ ᠵᠢᠷᠤᠭ ᠨᠢ ᠤᠮᠠᠷᠠᠲᠤ ᠸᠧᠢ ᠤᠯᠤᠰ ᠤᠨ ᠰᠢᠶᠤᠤᠴᠠᠩ ᠤᠨ ᠦᠶ᠎ᠡ ︵ᠨᠡᠶᠢᠲᠡ ᠶᠢᠨ ᠣᠨ ᠲᠣᠭᠠᠯᠠᠯ ᠤᠨ 525 ᠣᠨ ᠠᠴᠠ 527 ᠣᠨ︶ ᠶᠢ ᠲᠡᠮᠳᠡᠭᠯᠡᠵᠦ᠂ ᠯᠢ ᠳ᠋ᠣᠣ ᠶᠤᠸᠠᠨ ᠵᠠᠷᠯᠢᠭ ᠢᠶᠠᠷ ᠤᠮᠠᠷᠠᠲᠤ ᠬᠢᠯᠢ ᠳᠤ ᠬᠦᠷᠴᠦ ᠯᠢᠦ ᠵᠧᠨ ᠪᠠᠯᠭᠠᠰᠤ ᠶᠢ ᠵᠧᠦ ᠪᠣᠯᠭᠠᠨ ᠥᠭᠡᠷᠡᠴᠢᠯᠡᠬᠦ ᠦᠶ᠎ᠡ ᠳᠤ ᠪᠦ᠋ ᠭᠦ᠋ ᠯᠢᠦᠢ ᠪᠠᠯᠭᠠᠰᠤᠨ ︵ᠤᠳᠤ ᠶᠢᠨ ᠨᠢᠩᠰᠢᠶᠠ ᠶᠢᠨ ᠯᠢᠩ ᠦ᠋ ᠬᠤᠳᠠ ᠶᠢᠨ ᠪᠠᠷᠠᠭᠤᠨ ᠡᠮᠦᠨᠡᠬᠢ ᠬᠠᠳᠤᠨ ᠭᠤᠣᠯ ᠤᠨ ᠡᠯᠡᠰᠦᠨ ᠪᠦᠷᠢᠳᠦ︶ ᠳᠤ ᠬᠦᠷᠴᠦ᠂ ᠤᠷᠠᠨ ᠳᠥᠰᠢ ᠠᠭᠤᠯᠠ ᠪᠠᠷ ᠥᠩᠭᠡᠷᠡᠵᠡᠢ᠃ ᠡᠨᠡ ᠨᠢ ᠤᠷᠠᠨ ᠳᠥᠰᠢ ᠠᠭᠤᠯᠠ ᠶᠢᠨ ᠲᠤᠬᠠᠢ ᠬᠠᠮᠤᠭ ᠤᠨ ᠡᠷᠲᠡᠨ ᠤ ᠲᠡᠦᠬᠡᠨ ᠲᠡᠮᠳᠡᠭᠯᠡᠯ ᠪᠣᠯᠣᠨ᠎ᠠ᠃    ᠳᠤᠰ ᠠᠭᠤᠯᠠᠨ ᠭᠤᠤ ᠳᠤ ᠪᠠᠷᠤᠭ 20 ᠭᠠᠷᠤᠢ ᠬᠠᠳᠠᠨ ᠵᠢᠷᠤᠭ ᠲᠠᠢ ᠭᠠᠵᠠᠷ ᠪᠠᠶᠢᠵᠤ᠂ 2500 ᠭᠠᠷᠤᠢ ᠳᠠᠩ ᠪᠡᠶᠡᠲᠦ ᠵᠢᠷᠤᠭ ᠪᠤᠢ᠃ ᠡᠭᠦᠨ ᠤ ᠳᠣᠲᠣᠷ᠎ᠠ ᠵᠤᠭᠤᠰᠤᠳᠤ ᠶᠢᠨ ᠭᠤᠣᠯ ᠤᠨ ᠬᠠᠳᠠᠨ ᠵᠢᠷᠤᠭ ᠨᠢ ᠳᠤᠮᠳᠠᠳᠤ ᠤᠯᠤᠰ ᠤᠨ ᠬᠠᠳᠠᠨ ᠵᠢᠷᠤᠭ ᠤᠨ ᠭᠤᠶᠢᠳᠠ ᠪᠦᠲᠦᠭᠡᠯ ᠬᠡᠮᠡᠭᠳᠡᠳᠡᠭ᠃ ᠡᠲᠡᠭᠡᠷ ᠬᠠᠲᠠᠨ ᠵᠢᠷᠤᠭ ᠨᠢ ᠬᠥᠮᠥᠨ ᠤ ᠭᠦᠷᠥᠭ᠂ ᠠᠮᠢᠲᠠᠨ᠂ ᠠᠩ ᠠᠩᠨᠠᠯ᠂ ᠪᠥᠵᠢᠭ᠂ ᠮᠣᠷᠢᠲᠤ ᠪᠠᠭᠠᠲᠤᠷ᠂ ᠲᠡᠮᠳᠡᠭ ᠵᠡᠷᠭᠡ ᠪᠠᠷ ᠭᠤᠣᠯᠯᠠᠵᠤ᠂ ᠬᠠᠲᠠᠨ ᠵᠢᠷᠤᠭ ᠨᠢᠭᠡᠪᠦᠷᠢ ᠨᠢ ᠠᠰ ᠢᠶᠠᠷ ᠢᠶᠠᠨ ᠵᠢᠷᠤᠭ ᠪᠣᠯᠵᠤ᠂ ᠭᠡᠯᠪᠡᠷᠢ ᠳᠦᠷᠰᠦ ᠨᠢ ᠠᠳᠠᠯᠢ ᠪᠤᠰᠤ ᠪᠠᠶᠢᠳᠠᠭ᠃ ᠬᠠᠳᠠᠨ ᠵᠢᠷᠤᠭ ᠨᠢ ᠠᠯᠠᠱᠠ ᠠᠭᠤᠯᠠ᠂ ᠮᠤᠨᠢ ᠠᠭᠤᠯᠠ ᠶᠢᠨ ᠪᠠᠷᠠᠭᠤᠨ ᠬᠡᠰᠡᠭ ᠤᠨ ᠯᠠᠩᠱᠠᠨ ᠠᠭᠤᠯᠠ  ᠲᠠᠢ ᠣᠶᠢᠷᠠᠯᠴᠠᠭ᠎ᠠ ᠪᠠᠶᠢᠵᠤ᠂ ᠡᠷᠲᠡᠨ ᠤ ᠦᠶ᠎ᠡ ᠳᠤ ᠴᠦ ᠠᠩ ᠠᠩᠨᠠᠯ᠂ ᠨᠡᠭᠦᠳᠡᠯᠴᠢᠨ ᠠᠶᠢᠮᠠᠭ ᠤᠭᠰᠠᠭ᠎ᠠ ᠶᠢᠨ ᠠᠵᠤ ᠲᠦᠷᠤᠵᠤ ᠪᠠᠶᠢᠭᠰᠠᠨ ᠭᠠᠵᠠᠷ ᠪᠣᠯᠬᠤᠷ ᠬᠤᠶᠠᠷ ᠭᠠᠵᠠᠷ ᠤᠨ ᠬᠠᠳᠠᠨ ᠵᠢᠷᠤᠭ ᠤᠨ ᠰᠡᠳᠦᠪᠯᠡᠬᠦᠨ᠂ ᠤᠷᠠᠯᠢᠭ ᠤᠨ ᠬᠡᠪ ᠨᠠᠮᠪᠠ ᠪᠠ ᠤᠷᠠᠯᠠᠵᠤ ᠰᠡᠶᠢᠯᠬᠦ ᠠᠷᠭ᠎ᠠ ᠨᠢ ᠪᠦᠷ ᠠᠳᠠᠯᠢᠪᠲᠤᠷ ᠲᠠᠯ᠎ᠠ ᠲᠠᠢ᠃ ᠢᠯᠠᠩᠭᠤᠶ᠎ᠠ ᠬᠥᠮᠥᠨ ᠤ ᠭᠦᠷᠦᠭ ᠨᠢ ᠮᠤᠨᠢ ᠠᠭᠤᠯᠠ ᠶᠢᠨ ᠬᠠᠳᠠᠨ ᠵᠢᠷᠤᠭ ᠲᠠᠢ ᠨᠡᠩ ᠣᠶᠢᠷᠠᠯᠴᠠᠭ᠎ᠠ ᠪᠠᠶᠢᠵᠤ᠂ ᠨᠡᠭᠦᠳᠡᠯ ᠮᠠᠯᠵᠢᠯ ᠤᠨ ᠴᠢᠬᠤᠯᠠ ᠰᠣᠶᠣᠯ ᠤᠨ ᠦᠯᠡᠳᠡᠭᠳᠡᠯ ᠪᠤᠯᠬᠤ ᠶᠤᠮ᠃ ᠤᠷᠠᠨ ᠳᠥᠰᠢ ᠠᠭᠤᠯᠠ ᠶᠢᠨ ᠬᠠᠳᠠᠨ ᠵᠢᠷᠤᠭ ᠤᠨ ᠰᠦᠷᠦᠭ ᠪᠣᠯ ᠦᠬᠠᠢ ᠣᠷᠣᠨ ᠤ ᠬᠠᠮᠤᠭ ᠤᠨ ᠲᠥᠯᠥᠭᠡᠯᠡᠬᠦ ᠴᠢᠨᠠᠷᠲᠠᠢ ᠲᠡᠦᠬᠡ ᠶᠢᠨ ᠳᠤᠷᠠᠰᠬᠠᠯᠲᠤ ᠵᠦᠢᠯᠡᠰ ᠪᠣᠯᠣᠨ᠎ᠠ᠃ ᠬᠠᠲᠠᠨ ᠵᠢᠷᠤᠭ ᠤᠨ ᠰᠤᠳᠤᠯᠤᠯ ᠠᠴᠠ ᠦᠵᠡᠪᠡᠯ᠂ ᠠᠳᠡᠬᠢ ᠬᠠᠲᠠᠨ ᠵᠢᠷᠤᠭ ᠪᠣᠯ ᠮᠠᠨ ᠤ ᠤᠯᠤᠰ ᠤᠨ ᠤᠮᠠᠷᠠᠲᠤ ᠶᠢᠨ ᠬᠦᠷᠡᠯ ᠵᠡᠪᠰᠡᠭ ᠤᠨ ᠦᠶ᠎ᠡ ᠶᠢᠨ ᠴᠢᠬᠤᠯᠠ ᠬᠠᠲᠠᠨ ᠵᠢᠷᠤᠭ ᠪᠣᠯᠣᠨ᠎ᠠ᠃ 2013 ᠣᠨ ᠤ 5 ᠰᠠᠷ᠎ᠠ ᠳᠤ ᠤᠷᠠᠨ ᠳᠥᠰᠢ ᠠᠭᠤᠯᠠ ᠶᠢᠨ ᠬᠠᠳᠠᠨ ᠵᠢᠷᠤᠭ ᠤᠨ ᠰᠦᠷᠦᠭ ᠢ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠳᠣᠯᠣᠳᠤᠭᠠᠷ ᠪᠦᠯᠦᠭ ᠤᠨ ᠪᠦᠭᠦ ᠤᠯᠤᠰ ᠤᠨ ᠭᠤᠣᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ ᠨᠢᠭᠡᠴᠢ ᠪᠠᠷ ᠦᠨᠡᠯᠡᠭᠳᠡᠪᠡ᠃    ︽ᠤᠷᠠᠨ ᠳᠥᠰᠢ ᠠᠭᠤᠯᠠ ᠶᠢᠨ ᠬᠠᠳᠠᠨ ᠵᠢᠷᠤᠭ ᠪᠣᠯ ᠮᠠᠨ ᠤ ᠤᠯᠤᠰ ᠤᠨ ᠡᠷᠲᠡᠨ ᠤ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠤ ᠬᠤᠪᠣᠷ ᠨᠠᠨᠳᠢᠨ ᠤᠶᠤᠨ ᠪ᠊ ᠰᠣᠶᠣᠯ ᠤᠨ ᠪᠦᠲᠦᠭᠡᠭᠳᠡᠬᠦᠨ ᠪᠣᠯᠣᠨ᠎ᠠ᠂ ᠣᠨᠴᠠᠭᠠᠶᠢᠯᠠᠨ ᠬᠥᠮᠥᠨ ᠤ ᠭᠦᠷᠦᠭ ᠤᠨ ᠬᠠᠳᠠᠨ ᠵᠢᠷᠤᠭ ᠨᠢ ᠳᠤᠮᠳᠠᠳᠤ ᠤᠯᠤᠰ ᠪᠠ ᠳᠡᠯᠡᠬᠡᠢ ᠶᠢᠨ ᠬᠥᠮᠥᠨ ᠤ ᠭᠦᠷᠦᠭ ᠤᠨ ᠬᠠᠳᠠᠨ ᠵᠢᠷᠤᠭ ᠤᠨ ᠤᠭᠢ ᠰᠣᠳᠣ ᠪᠣᠯᠣᠨ᠎ᠠ᠂ ᠬᠥᠮᠥᠨ ᠲᠥᠷᠥᠯᠬᠢᠲᠡᠨ ᠤ ᠬᠡᠦᠬᠡᠳ ᠦᠶ᠎ᠡ ᠶᠢᠨ ᠬᠦᠰᠡᠯ ᠡᠷᠡᠮᠡᠯᠵᠡᠯ ᠢ ᠲᠤᠰᠬᠠᠵᠤ᠂ ᠥᠪᠡᠷᠮᠢᠴᠡ ᠬᠡᠪ ᠨᠠᠮᠪᠠ ᠵᠢᠴᠢ ᠰᠣᠨᠢᠷᠬᠠᠨ ᠦᠵᠡᠬᠦ ᠦᠨ᠎ᠡ ᠦᠷᠳᠡᠭ ᠲᠠᠢ ᠶᠤᠮ︾ ᠭᠡᠵᠦ ᠥᠪᠥᠷ ᠮᠣᠩᠭᠤᠯ ᠤᠨ ᠮᠦᠽᠧᠢ ᠶᠢᠨ ᠬᠦᠷᠢᠶᠡᠯᠡᠩ ᠤᠨ ᠳᠡᠳ᠋ ᠳᠠᠷᠤᠭ᠎ᠠ ᠵᠠᠩ ᠸᠧᠨ ᠫᠢᠩ ᠶᠠᠷᠢᠬᠤ ᠶᠢᠨ ᠳᠠᠭᠠᠤ᠄ ︽ᠡᠶᠢᠮᠦ ᠠᠴᠠ ᠦᠬᠠᠢ ᠶᠢᠨ ᠤᠷᠠᠨ ᠳᠥᠰᠢ ᠠᠭᠤᠯᠠ ᠶᠢᠨ ᠬᠥᠮᠥᠨ ᠤ ᠳᠦᠷᠰᠦ ᠶᠢᠨ ᠬᠠᠳᠠᠨ ᠵᠢᠷᠤᠭ ᠪᠣᠯ ᠦᠬᠠᠢ ᠬᠤᠳᠠ ᠶᠢᠨ ᠬᠠᠳᠤᠨ ᠭᠤᠣᠯ ᠤᠨ ᠰᠣᠶᠣᠯ ᠤᠨ ᠲᠥᠯᠥᠭᠡᠯᠡᠬᠦ ᠴᠢᠨᠠᠷᠲᠠᠢ ᠲᠡᠦᠬᠡ ᠶᠢᠨ ᠳᠤᠷᠠᠰᠬᠠᠯᠲᠤ ᠵᠦᠢᠯᠡᠰ ᠪᠣᠯᠣᠨ᠎ᠠ︾ ᠭᠡᠵᠦ ᠦᠵᠡᠵᠦ ᠪᠣᠯᠣᠨ᠎ᠠ ᠭᠡᠯ᠎ᠡ᠃ᠦᠨᠳᠦᠰᠦᠲᠡᠨ ᠤ ᠠᠭᠤᠰᠤᠯᠴᠠᠯ   ᠡᠷᠲᠡ ᠡᠳᠦᠭᠡ ᠶᠢ  ᠬᠤᠯᠪᠣᠨ᠎ᠠ    ᠦᠬᠠᠢ ᠬᠤᠳᠠ ᠠᠴᠠ 15 ᠺᠢᠯᠣᠮᠧᠲᠷ ᠵᠠᠶᠢᠲᠠᠢ ᠸᠠᠩ ᠶᠤᠸᠠᠨ ᠳ᠋ᠢ ᠲᠣᠰᠬᠤᠨ ᠳᠤ ᠬᠠᠨ ᠤᠯᠤᠰ ᠤᠨ ᠦᠶ᠎ᠡ ᠶᠢᠨ ᠡᠷᠲᠡᠨ ᠤ ᠬᠤᠳᠠ ᠪᠤᠢ᠂ ᠪᠠᠷᠠᠭᠤᠨ ᠲᠠᠯ᠎ᠠ  ᠪᠠᠷ ᠢᠶᠠᠨ ᠬᠠᠳᠤᠨ ᠭᠤᠣᠯ ᠲᠠᠢ ᠬᠥᠷᠰᠢᠯᠡᠵᠦ᠂ ᠵᠡᠭᠦᠨ ᠲᠠᠯ᠎ᠠ ᠪᠠᠷ ᠹᠧᠩ ᠬᠤᠸᠠᠩ ᠯᠢᠩ ᠳᠠᠪᠠᠭ᠎ᠠ ᠶᠢᠨ ᠴᠢᠨ ᠤᠯᠤᠰ ᠤᠨ ᠤᠷᠳᠤ ᠴᠠᠭᠠᠨ ᠬᠡᠷᠡᠮ ᠠᠴᠠ 12 ᠺᠢᠯᠣᠮᠧᠲᠷ ᠵᠠᠶᠢᠲᠠᠢ ᠪᠠᠶᠢᠵᠤ᠂ ᠲᠤᠬᠠᠢ ᠶᠢᠨ ᠭᠠᠵᠠᠷ ᠤᠨ ᠵᠠᠩᠰᠢᠯ ᠢᠶᠠᠷ ︽ᠯᠠᠨ ᠴᠧᠩ ᠽᠢ︾ ᠬᠡᠮᠡᠳᠡᠭ᠃    20 ᠳ᠋ᠤᠭᠠᠷ ᠵᠠᠭᠤᠨ ᠤ ᠨᠠᠶᠠᠭᠠᠳ ᠣᠨ ᠳᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠰᠣᠶᠣᠯ ᠤᠨ ᠳᠤᠷᠠᠰᠬᠠᠯᠲᠤ ᠵᠦᠢᠯᠡᠰ ᠤᠨ ᠰᠤᠳᠤᠯᠭᠠᠨ ᠤ ᠭᠠᠵᠠᠷ ᠰᠢᠨ ᠳ᠋ᠢ ᠶᠢᠨ ᠬᠠᠨ ᠤᠯᠤᠰ ᠤᠨ ᠣᠩᠭᠤᠨ ᠢ ᠢᠯᠡᠷᠡᠭᠦᠯᠬᠦ ᠦᠶ᠎ᠡ ᠳᠤ ᠡᠷᠲᠡᠨ ᠤ ᠬᠤᠲᠠ ᠶᠢ ᠳᠠᠭᠢᠨ ᠳᠠᠪᠲᠠᠨ ᠰᠢᠨᠵᠢᠨ ᠪᠠᠶᠢᠴᠠᠭᠠᠭᠰᠠᠨ ᠬᠤᠶᠢᠨ᠎ᠠ ᠡᠷᠲᠡᠨ ᠤ ᠬᠤᠲᠠ ᠶᠢᠨ ᠬᠠᠪᠲᠠᠭᠠᠢ ᠨᠢ ᠳᠥᠷᠪᠡᠯᠵᠢᠨ ᠰᠢᠭ᠂ ᠬᠥᠪᠡᠭᠡᠨ ᠤ ᠤᠷᠲᠤ ᠨᠢ ᠪᠠᠷᠤᠭ 450 ᠮᠧᠲᠷ ᠭᠡᠵᠦ ᠦᠵᠡᠪᠡ᠃ ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠬᠢᠯᠢ ᠬᠢᠵᠠᠭᠠᠷ ᠤᠨ ᠲᠡᠦᠬᠡ ᠶᠢᠨ ᠳᠤᠷᠠᠰᠬᠠᠯᠲᠤ ᠵᠦᠢᠯᠡᠰ ᠤᠨ ᠰᠤᠳᠤᠯᠭᠠᠨ ᠤ ᠬᠦᠷᠢᠶᠡᠯᠡᠩ ᠤᠨ ᠳᠠᠷᠤᠭ᠎ᠠ᠂ ᠣᠨᠴᠠ ᠤᠷᠢᠭᠰᠠᠨ ᠫᠷᠤᠹᠧᠰᠰᠤᠷ ᠸᠧᠢ ᠵᠢᠶᠠᠨ ︽ᠥᠪᠥᠷ ᠮᠣᠩᠭᠤᠯ ᠤᠨ ᠳᠤᠮᠳᠠ ᠡᠮᠦᠨᠡᠲᠦ ᠬᠡᠰᠡᠭ ᠤᠨ ᠬᠠᠨ ᠤᠯᠤᠰ ᠤᠨ ᠦᠶ᠎ᠡ ᠶᠢᠨ ᠤᠩᠭᠤᠨ︾ ᠳᠤ᠂ ᠰᠢᠨ ᠳ᠋ᠢ ᠡᠷᠲᠡᠨ ᠤ ᠬᠤᠲᠠ ᠶᠢᠨ ᠭᠠᠵᠠᠷ ᠵᠦᠢ ᠶᠢᠨ ᠪᠠᠶᠢᠷᠢᠯᠠᠯ ᠪᠣᠯᠣᠨ ᠤᠩᠭᠤᠨ ᠤ ᠬᠤᠶᠢᠯᠭ᠎ᠠ ᠶᠢᠨ ᠡᠳ᠋ ᠲᠤ ᠵᠠᠳᠠᠯᠤᠯᠲᠠ ᠬᠢᠪᠡᠯ᠂ ᠬᠠᠨ ᠤᠯᠤᠰ ᠤᠨ ᠦᠶ᠎ᠡ ᠳᠤ ᠱᠥᠸᠧ ᠹᠠᠩ ᠵᠢᠶᠦ᠋ᠨ ᠤ ᠬᠠᠷᠢᠶᠠᠨ ᠳᠤ ᠪᠠᠭᠲᠠᠬᠤ ᠶᠣᠰᠣᠲᠠᠢ᠃ ᠲᠤᠬᠠᠢ ᠶᠢᠨ ᠦᠶ᠎ᠡ ᠳᠤ ᠲᠤᠰ ᠡᠷᠲᠡᠨ ᠤ ᠬᠤᠲᠠ ᠨᠢ ᠰᠢᠨ ᠳ᠋ᠢ ᠲᠣᠰᠬᠤᠨ ᠳᠤ ᠬᠠᠷᠢᠶᠠᠯᠠᠭᠳᠠᠵᠤ ᠪᠠᠶᠢᠭᠰᠠᠨ ᠪᠣᠯᠬᠤᠷ ᠬᠠᠭᠤᠴᠢ ᠰᠤᠳᠤᠯᠤᠭᠴᠢᠳ ᠲᠡᠭᠦᠨ ᠢ ︽ᠰᠢᠨ ᠳ᠋ᠢ ᠡᠷᠲᠡᠨ ᠤ ᠬᠤᠲᠠ︾ ᠭᠡᠵᠦ ᠨᠡᠷᠡᠯᠡᠭᠰᠡᠨ ᠬᠡᠮᠡᠨ ᠳᠤᠷᠠᠳᠴᠤ ᠭᠠᠷᠭᠠᠵᠠᠢ᠃    ᠰᠢᠨ ᠳ᠋ᠢ ᠡᠷᠲᠡᠨ ᠤ ᠬᠤᠲᠠ ᠶᠢᠨ ᠪᠠᠭᠤᠷᠢ ᠨᠢ ᠬᠠᠲᠤᠨ ᠭᠤᠣᠯ ᠤᠨ ᠵᠡᠭᠦᠨ ᠡᠷᠭᠢ ᠳᠤ ᠪᠠᠶᠢᠷᠢᠰᠢᠵᠤ᠂ ᠲᠡᠭᠦᠨ ᠤ ᠵᠡᠭᠦᠨ ᠬᠡᠰᠡᠭ ᠤᠨ ᠤᠷᠠᠨ ᠳᠥᠰᠢ ᠠᠭᠤᠯᠠ ᠨᠢᠷᠤᠭᠤ ᠪᠠᠷ ᠴᠢᠨ ᠤᠯᠤᠰ ᠬᠠᠨ ᠤᠯᠤᠰ ᠤᠨ ᠦᠶ᠎ᠡ ᠶᠢᠨ ᠤᠷᠳᠤ ᠴᠠᠭᠠᠨ ᠬᠡᠷᠡᠮ ᠤᠨ ᠪᠠᠭᠤᠷᠢ ᠬᠠᠳᠠᠭᠠᠯᠠᠭᠳᠠᠵᠤ ᠪᠤᠢ᠂ ᠡᠭᠦᠨ ᠠᠴᠠ ᠰᠢᠨ ᠳ᠋ᠢ ᠡᠷᠲᠡᠨ ᠤ ᠬᠤᠲᠠ  ᠨᠢ ᠴᠢᠨ ᠱᠢ ᠬᠤᠸᠠᠩ ᠤᠨ ᠪᠠᠶᠢᠭᠤᠯᠤᠭᠰᠠᠨ 44 ᠰᠢᠶᠠᠨ ᠤ ᠬᠤᠲᠠ ᠶᠢᠨ ᠨᠢᠭᠡ ᠨᠢ ᠪᠤᠯᠬᠤ ᠶᠢ ᠦᠨᠳᠦᠰᠦᠨ ᠳᠡᠭᠡᠨ ᠨᠤᠲᠠᠯᠠᠵᠤ ᠪᠣᠯᠣᠨ᠎ᠠ᠃ ᠬᠠᠨ ᠤᠯᠤᠰ ᠤᠨ ᠦᠶ᠎ᠡ ᠳᠤ ᠤᠯᠠᠮᠵᠢᠯᠠᠨ ᠬᠡᠷᠡᠭᠯᠡᠵᠦ᠂ ᠦ᠋ ᠳ᠋ᠢ ᠬᠠᠭᠠᠨ ᠤ ᠶᠤᠸᠠᠨ ᠱᠧᠦ ᠶᠢᠨ ᠭᠤᠷᠪᠠᠳᠤᠭᠠᠷ ᠣᠨ ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 120 ᠣᠨ︶ ᠳᠤ ᠠᠳᠡ ᠰᠢᠶᠠᠨ ᠪᠠᠶᠢᠭᠤᠯᠵᠤ᠂ ᠰᠢᠶᠠᠨ ᠤ ᠵᠠᠰᠠᠭ ᠤᠨ ᠡᠷᠬᠡ ᠶᠢ ᠪᠠᠶᠢᠭᠤᠯᠵᠠᠢ᠃ ᠰᠢᠨ ᠳ᠋ᠢ ᠡᠷᠲᠡᠨ ᠤ ᠬᠤᠲᠠ ᠶᠢᠨ ᠭᠠᠵᠠᠷ ᠵᠦᠢ ᠶᠢᠨ ᠪᠠᠶᠢᠷᠢᠯᠠᠯ ᠵᠢᠴᠢ ᠣᠶᠢᠷ᠎ᠠ ᠬᠠᠪᠢ ᠶᠢᠨ ᠣᠩᠭᠤᠨ ᠤ ᠰᠦᠷᠦᠭᠵᠢᠯ ᠤᠨ ᠬᠤᠶᠢᠯᠭ᠎ᠠ ᠶᠢᠨ ᠡᠳ᠋ ᠢ ᠵᠠᠳᠠᠯᠵᠤ ᠦᠵᠡᠪᠡᠯ᠂ 1989 ᠣᠨ ᠳᠤ ᠡᠷᠲᠡᠨ ᠤ ᠬᠤᠲᠠ ᠶᠢᠨ ᠣᠶᠢᠷ᠎ᠠ ᠬᠠᠪᠢ ᠠᠴᠠ ᠮᠠᠰᠢ ᠣᠯᠠᠨ ᠬᠠᠨ ᠤᠯᠤᠰ ᠤᠨ ᠦᠶ᠎ᠡ ᠶᠢᠨ ᠣᠩᠭᠤᠨ ᠢ ᠢᠯᠡᠷᠡᠭᠦᠯᠵᠡᠢ᠂ ᠡᠷᠲᠡᠨ ᠤ ᠬᠤᠲᠠ ᠨᠢ ᠲᠤᠬᠠᠢ ᠶᠢᠨ ᠦᠶ᠎ᠡ ᠳᠤ ᠬᠠᠨ ᠤᠯᠤᠰ ᠤᠨ ᠦᠶ᠎ᠡ ᠶᠢᠨ ᠰᠢ ᠾᠧ ᠵᠢᠶᠦ᠋ᠨ ᠤ ᠬᠠᠷᠢᠶ᠎ᠠ ᠭᠠᠵᠠᠷ ᠪᠠᠶᠢᠪᠠ᠂ ᠡᠷᠲᠡᠨ ᠤ ᠬᠤᠲᠠ ᠶᠢᠨ ᠪᠠᠭᠤᠷᠢ ᠨᠢ ᠲᠡᠭᠰᠢᠬᠡᠨ ᠮᠥᠷᠲᠡᠭᠡᠨ ᠬᠤᠲᠠ ᠶᠢᠨ ᠪᠠᠷᠠᠭᠤᠨ ᠡᠮᠦᠨ᠎ᠡ ᠥᠨᠴᠥᠭ ᠠᠴᠠ ᠴᠢᠨ ᠤᠯᠤᠰ᠂ ᠬᠠᠨ ᠤᠯᠤᠰ ᠤᠨ ᠵᠣᠭᠤᠰ ᠢ ᠮᠠᠰᠢ ᠣᠯᠠᠨ ᠢᠯᠡᠷᠡᠭᠦᠯᠵᠦ᠂ ᠵᠠᠷᠢᠮ ᠢ ᠨᠢ ᠸᠠᠭᠠᠷ ᠤᠨ ᠫᠧᠩᠰᠡ᠂ ᠪᠤᠳᠣᠩ ᠳᠣᠲᠣᠷ᠎ᠠ ᠬᠢᠵᠦ᠂ ᠵᠠᠷᠢᠮ ᠢ ᠨᠢ ᠲᠡᠮᠦᠷ ᠰᠠᠪᠠᠨ ᠳᠤ ᠬᠡᠯᠬᠢᠵᠦ ᠲᠠᠯᠪᠢᠭᠰᠠᠨ ᠪᠠᠶᠢᠨ᠎ᠠ᠃    ᠦᠬᠠᠢ ᠮᠦᠽᠧᠢ ᠳᠤ ᠳᠡᠯᠭᠡᠨ ᠦᠵᠡᠭᠦᠯᠦᠭᠰᠡᠨ ᠬᠠᠨ ᠤᠯᠤᠰ ᠤᠨ ᠦᠶ᠎ᠡ ᠶᠢᠨ ᠳᠡᠭᠡᠰᠦᠨ ᠬᠡ ᠲᠠᠢ ᠸᠠᠭᠠᠷ ᠤᠨ ᠤᠰᠤᠨ ᠬᠤᠭᠤᠯᠠᠢ ᠶᠢ ᠰᠢᠨ ᠳ᠋ᠢ ᠡᠷᠲᠡᠨ ᠤ ᠬᠤᠲᠠ ᠶᠢᠨ ᠪᠠᠭᠤᠷᠢ ᠠᠴᠠ ᠮᠠᠯᠲᠠᠵᠤ ᠭᠠᠷᠭᠠᠭᠰᠠᠨ ᠶᠤᠮ᠂ ᠡᠨᠡ ᠢᠵᠢ ᠤᠰᠤᠨ ᠬᠤᠭᠤᠯᠠᠢ ᠨᠢ ᠨᠡᠶᠢᠲᠡ 4 ᠪᠠᠶᠢᠵᠤ᠂ ᠰᠢᠪᠠᠷᠯᠢᠭ ᠪᠤᠳᠤᠩᠭᠤᠢ ᠸᠠᠭᠠᠷ ᠪᠠᠶᠢᠭᠰᠠᠨ ᠮᠥᠷᠲᠡᠭᠡᠨ ᠥᠩᠭᠡᠨ ᠲᠠᠯ᠎ᠠ ᠳᠤᠨᠢ ᠲᠣᠮᠣ ᠳᠡᠭᠡᠰᠦᠨ ᠬᠡ ᠲᠠᠢ᠃ ᠡᠭᠦᠨ ᠳᠤ 3 ᠨᠢ ᠠᠰᠬᠠᠨ ᠬᠤᠭᠤᠯᠠᠢ ᠬᠡᠯᠪᠡᠷᠢᠲᠡᠢ᠂ 1 ᠨᠢ  90° ᠮᠤᠷᠤᠶᠢᠵᠤ᠂ ᠮᠤᠷᠤᠶᠢᠭᠰᠠᠨ ᠬᠡᠰᠡᠭ ᠲᠤ ︽A︾ ᠲᠡᠮᠳᠡᠭ ᠰᠡᠶᠢᠯᠦᠭᠡᠰᠦᠲᠡᠢ᠃ ᠬᠡᠰᠡᠭ ᠪᠦᠷᠢ ᠶᠢᠨ ᠤᠰᠤᠨ ᠬᠤᠭᠤᠯᠠᠢ ᠶᠢ ᠲᠡᠮᠳᠡᠭ ᠢᠶᠠᠷ ᠨᠢ ᠵᠢᠵᠢᠭ ᠠᠮᠠᠰᠠᠷ ᠢ ᠲᠣᠮᠣ ᠠᠮᠠᠰᠠᠷ ᠲᠤ ᠤᠭᠯᠠᠵᠤ ᠣᠷᠣᠭᠤᠯᠤᠨ᠎ᠠ᠂ ᠡᠨᠡ ᠮᠡᠲᠦ ᠪᠠᠷ ᠨᠢᠭᠲᠠ ᠳᠠᠷᠤᠵᠤ᠂ ᠤᠰᠤ ᠭᠠᠳᠠᠭᠰᠢᠯᠠᠭᠤᠯᠬᠤ ᠳᠤ ᠳᠥᠭᠦᠮ ᠪᠠᠶᠢᠳᠠᠭ᠃ ᠬᠡᠷᠡᠭᠯᠡᠭᠡᠨ ᠤ ᠴᠢᠨᠠᠷ ᠭᠡᠰᠡᠨ ᠦᠭᠡᠢ ᠦᠵᠡᠮᠦᠷᠢ ᠶᠢᠨ ᠬᠡᠮᠵᠢᠶ᠎ᠡ ᠭᠡᠰᠡᠨ ᠦᠭᠡᠢ ᠪᠦᠷ ᠣᠳᠣ ᠦᠶ᠎ᠡ ᠶᠢᠨ ᠬᠡᠷᠡᠭᠯᠡᠵᠦ ᠪᠦᠬᠦᠢ ᠤᠰᠤᠨ ᠬᠤᠭᠤᠯᠠᠢ ᠲᠠᠢ ᠠᠳᠠᠯᠢᠳᠬᠠᠵᠤ ᠪᠣᠯᠤᠮᠠᠷ ᠨᠠᠷᠢᠯᠢᠭ ᠰᠠᠶᠢᠬᠠᠨ ᠤᠷᠠᠯᠠᠵᠤ ᠬᠢᠭᠰᠡᠨ ᠶᠤᠮ᠃    ᠡᠷᠲᠡᠨ ᠤ ᠤᠰᠤ ᠵᠠᠯᠠᠬᠤ ᠬᠤᠭᠤᠯᠠᠢ ᠶᠢᠨ ᠡᠭᠦᠰᠦᠯ ᠨᠢ ᠬᠤᠲᠠ ᠶᠢᠨ ᠪᠦᠷᠢᠯᠳᠦᠯ ᠪᠠ ᠬᠥᠭᠵᠢᠯᠲᠡ ᠶᠢ ᠳᠠᠭᠠᠯᠳᠤᠨ ᠡᠭᠦᠰᠦᠭᠰᠡᠨ ᠶᠤᠮ᠃ ᠡᠯ᠎ᠡ ᠵᠦᠢᠯ ᠤᠨ ᠤᠰᠤ ᠵᠠᠯᠠᠬᠤ ᠬᠤᠭᠤᠯᠠᠢ ᠶᠢᠨ ᠪᠤᠢ ᠪᠣᠯᠤᠭᠰᠠᠨ ᠪᠠ ᠬᠥᠭᠵᠢᠯ ᠮᠠᠨᠳᠤᠯ ᠨᠢ ᠲᠤᠬᠠᠢ ᠶᠢᠨ ᠦᠶ᠎ᠡ ᠶᠢᠨ ᠬᠤᠲᠠ ᠶᠢᠨ ᠰᠣᠶᠣᠯ ᠲᠠᠢ ᠨᠢᠭᠲᠠ ᠬᠤᠯᠪᠤᠭ᠎ᠠ ᠲᠠᠢ᠂ ᠡᠷᠲᠡᠨ ᠤ ᠪᠣᠯᠪᠠᠰᠤᠨ ᠤ ᠠᠬᠢᠴᠠ ᠲᠠᠢ ᠨᠢᠭᠲᠠ ᠬᠤᠯᠪᠤᠭ᠎ᠠ ᠲᠠᠢ ᠪᠠᠶᠢᠳᠠᠭ᠃ ᠡᠶᠢᠮᠦ ᠠᠴᠠ ᠬᠠᠭᠤᠴᠢ ᠰᠤᠳᠤᠯᠤᠭᠴᠢᠳ ᠡᠨᠡ 4 ᠸᠠᠭᠠᠷ ᠤᠨ ᠤᠰᠤᠨ ᠬᠤᠭᠤᠯᠠᠢ ᠠᠴᠠ ᠰᠢᠨ ᠳ᠋ᠢ ᠡᠷᠲᠡᠨ ᠤ ᠬᠤᠲᠠ ᠶᠢᠨ ᠦᠷᠭᠦᠯᠵᠢᠯᠡᠭᠰᠡᠨ ᠲᠡᠦᠬᠡ ᠨᠢ ᠨᠡᠯᠢᠶᠡᠳ ᠤᠷᠲᠤ ᠪᠥᠭᠡᠳ ᠶᠡᠭᠡ ᠬᠡᠮᠵᠢᠶᠡᠨ ᠤ ᠬᠥᠮᠥᠨ ᠠᠮᠠ ᠤᠷᠲᠤ ᠬᠤᠭᠤᠴᠠᠭ᠎ᠠ ᠪᠠᠷ ᠣᠷᠣᠰᠢᠨ ᠠᠮᠢᠳᠤᠷᠠᠵᠤ᠂ ᠤᠰᠤ ᠵᠠᠯᠠᠬᠤ ᠰᠢᠰᠲ᠋ᠧᠮ ᠵᠡᠷᠭᠡ ᠬᠤᠲᠠ ᠶᠢᠨ ᠡᠷᠡᠭᠦᠯ ᠬᠠᠮᠠᠭᠠᠯᠠᠯ ᠤᠨ ᠳᠤᠨᠤᠭ ᠲᠥᠬᠦᠭᠡᠷᠦᠮᠵᠢ ᠶᠢ ᠦᠢᠯᠡᠳᠦᠨ ᠬᠢᠵᠦ᠂ ᠬᠢᠯᠢ ᠶᠢᠨ ᠴᠠᠶᠢᠵᠠ ᠶᠢᠨ ᠴᠢᠬᠤᠯᠠ ᠬᠤᠲᠠ ᠶᠢᠨ ᠪᠠᠭᠤᠷᠢ ᠪᠤᠯᠬᠤ ᠶᠢ ᠮᠠᠭᠠᠳᠯᠠᠨ ᠭᠠᠷᠭᠠᠭᠰᠠᠨ ᠪᠠᠶᠢᠨ᠎ᠠ᠃    ᠨᠡᠶᠢᠲᠡ ᠶᠢᠨ ᠣᠨ ᠲᠣᠭᠠᠯᠠᠯ ᠤᠨ 1264 ᠣᠨ ᠳᠤ ᠶᠤᠸᠠᠨᠱᠢᠽᠦ ᠬᠠᠭᠠᠨ ᠤᠰᠤᠨ ᠠᠰᠢᠭᠯᠠᠯᠲᠠ ᠶᠢᠨ ᠲᠤᠰᠬᠠᠢ ᠮᠡᠷᠭᠡᠵᠢᠯᠲᠡᠨ ᠭᠦᠸᠧ ᠱᠧᠦ ᠵᠢᠩ ᠢ ᠬᠠᠳᠤᠨ ᠭᠤᠣᠯ ᠤᠨ ᠤᠰᠤᠨ ᠠᠰᠢᠭᠯᠠᠯᠲᠠ ᠶᠢ ᠪᠠᠶᠢᠴᠠᠭᠠᠨ ᠦᠵᠡᠬᠦ ᠪᠠᠷ ᠲᠣᠮᠢᠯᠠᠵᠤ᠂ ᠬᠠᠳᠤᠨ ᠭᠤᠣᠯ ᠤᠨ ᠤᠰᠤᠨ ᠲᠡᠭᠡᠭᠡᠪᠦᠷᠢ ᠶᠢ ᠨᠡᠪᠲᠡᠷᠡᠭᠦᠯᠬᠦ ᠳᠤ ᠪᠡᠯᠡᠳᠬᠡᠯ ᠬᠢᠵᠦ ᠪᠠᠶᠢᠪᠠ᠃ ︽ᠶᠤᠸᠠᠨ ᠤᠯᠤᠰ ᠤᠨ ᠨᠡᠷᠡᠲᠦ ᠲᠦᠰᠢᠮᠡᠯ ᠤᠨ ᠲᠣᠪᠴᠢ ᠲᠡᠮᠳᠡᠭᠯᠡᠯ︾ ᠳᠤ᠂ ᠳᠠᠷᠠᠭ᠎ᠠ ᠵᠢᠯ ᠨᠢ ᠭᠦᠸᠧ ᠱᠧᠦ ᠵᠢᠩ ᠨᠢᠩᠰᠢᠶᠠ ᠣᠷᠣᠨ ᠳᠤ ᠪᠠᠶᠢᠴᠠᠭᠠᠯᠲᠠ ᠬᠢᠵᠦ᠂ ᠭᠤᠣᠯᠳᠠᠭᠤ ᠨᠢᠩᠰᠢᠶᠠ ᠶᠢᠨ ᠬᠠᠲᠤᠨ ᠭᠤᠣᠯ ᠤᠨ ᠤᠷᠤᠰᠬᠠᠯ ᠳᠠᠭᠠᠤ ᠦᠬᠠᠢ᠂ ᠪᠠᠶᠠᠨᠨᠠᠭᠤᠷ᠂ ᠣᠷᠳᠣᠰ ᠵᠡᠷᠭᠡ ᠭᠠᠵᠠᠷ ᠣᠷᠣᠨ ᠠᠴᠠ ᠳ᠋ᠦᠩᠱᠧᠩ ︵ᠣᠳᠣ ᠶᠢᠨ ᠲᠣᠭᠲᠠᠬᠤ ᠰᠢᠶᠠᠨ ᠳᠤ ᠪᠤᠢ︶ ᠬᠡᠰᠡᠭ ᠢᠶᠠᠷ ᠪᠠᠶᠢᠴᠠᠭᠠᠯᠲᠠ ᠬᠢᠭᠰᠡᠨ ᠢ ᠲᠡᠮᠳᠡᠭᠯᠡᠵᠡᠢ᠃    ᠬᠠᠳᠤᠨ ᠭᠤᠣᠯ ᠮᠤᠷᠤᠯᠵᠠᠨ ᠤᠷᠤᠰᠴᠤ᠂ ᠤᠷᠠᠨ ᠳᠥᠰᠢ ᠠᠭᠤᠯᠠ ᠰᠡᠬᠦᠶᠢᠨ ᠰᠦᠨᠳᠡᠷᠯᠡᠨ᠎ᠡ᠃ ᠬᠡᠳᠦᠨ ᠮᠢᠩᠭᠠᠨ ᠭᠠᠵᠠᠷ ᠢ ᠨᠡᠭᠡᠭᠡᠨ ᠬᠥᠭᠵᠢᠭᠦᠯᠵᠦ᠂ ᠭᠤᠣᠯ ᠢᠶᠠᠷ ᠬᠢᠯᠢ ᠪᠣᠯᠭᠠᠨ᠂ ᠴᠢᠯᠠᠭᠤ ᠪᠠᠷ ᠬᠤᠲᠠ ᠪᠣᠰᠬᠠᠵᠤ᠂ ᠬᠠᠶᠢᠯᠠᠰᠤ ᠪᠠᠷ ᠪᠣᠭᠤᠮᠲᠠ ᠪᠣᠯᠭᠠᠨ ᠪᠠᠶᠢᠭᠤᠯᠤᠭᠰᠠᠨ ᠴᠢᠨ ᠤᠯᠤᠰ ᠤᠨ ᠤᠷᠲᠤ ᠴᠠᠭᠠᠨ ᠬᠡᠷᠡᠮ ᠨᠢ ᠮᠥᠨ ᠯᠡ ᠰᠦᠨᠳᠡᠷᠯᠡᠭᠰᠡᠭᠡᠷ᠃    ᠮᠢᠩᠭᠠᠨ ᠣᠨ ᠢ ᠡᠷᠭᠢᠴᠡᠭᠦᠯᠬᠦᠶ᠎ᠡ᠂ ᠤᠮᠠᠷᠠᠰᠢ ᠬᠠᠳᠤᠨ ᠭᠤᠣᠯ᠂ ᠪᠣᠷᠣᠳᠣᠬᠤᠢ ᠶᠢᠨ ᠲᠠᠯ᠎ᠠ ᠭᠠᠵᠠᠷ ᠤᠨ ᠠᠭᠤᠯᠵᠠᠷ ᠲᠤ ᠣᠷᠣᠰᠢᠵᠤ ᠪᠦᠬᠦᠢ ᠦᠬᠠᠢ ᠪᠣᠯ ᠠᠯᠠᠱᠠ ᠠᠭᠤᠯᠠ᠂ ᠨᠢᠩᠰᠢᠶᠠ ᠶᠢᠨ ᠲᠠᠯ᠎ᠠ ᠭᠠᠵᠠᠷ᠂ ᠣᠷᠳᠣᠰ ᠤᠨ ᠥᠨᠳᠦᠷᠯᠢᠭ ᠲᠤ ᠪᠠᠶᠢᠷᠢᠯᠠᠵᠤ᠂ ᠲᠠᠷᠢᠶᠠᠯᠠᠬᠤ ᠰᠣᠶᠣᠯ ᠪᠣᠯᠣᠨ ᠨᠡᠭᠦᠳᠡᠯ ᠰᠣᠶᠣᠯ ᠤᠨ ᠬᠠᠮᠲᠤ ᠶᠢᠨ ᠠᠭᠤᠰᠤᠯᠴᠠᠯ᠂ ᠬᠥᠭᠵᠢᠯᠲᠡ ᠶᠢᠨ ᠪᠣᠳᠠᠲᠤ ᠭᠡᠷᠡᠴᠢ ᠮᠥᠨ᠂ ᠡᠨᠡ ᠨᠢ ᠮᠥᠨ ᠴᠤ ᠳᠤᠰ ᠭᠠᠵᠠᠷ ᠣᠷᠣᠨ ᠤ ᠡᠷᠲᠡᠨ ᠡᠳᠦᠭᠡ ᠠᠴᠠ ᠨᠠᠭᠠᠰᠢᠬᠢ ᠦᠨᠳᠦᠰᠦᠲᠡᠨ ᠤ ᠠᠭᠤᠰᠤᠯᠴᠠᠯ ᠤᠨ ᠰᠠᠶᠢᠨ ᠰᠠᠶᠢᠬᠠᠨ ᠪᠠᠶᠢᠳᠠᠯ ᠢ ᠲᠤᠰᠬᠠᠭᠰᠠᠨ ᠪᠠᠶᠢᠨ᠎ᠠ᠃                                                                                   ᠵᠣᠬᠢᠶᠠᠭᠴᠢ᠄ ᠦ᠋ ᠹᠧᠩ︵ᠲᠣᠰ ᠨᠢᠭᠤᠷ ᠤᠨ ᠨᠡᠷ᠎ᠡ ᠬᠠᠲᠠᠭᠰᠠᠨ ᠠᠴᠠ ᠪᠤᠰᠤᠳ ᠭᠡᠷᠡᠯ ᠵᠢᠷᠤᠭ ᠤᠳ ᠢ ᠦᠬᠠᠢ ᠬᠤᠲᠠ ᠶᠢᠨ ᠰᠣᠶᠣᠯ ᠵᠢᠭᠤᠯᠴᠢᠯᠠᠯ ᠤᠨ ᠲᠣᠪᠴᠢᠶ᠎ᠠ᠂ ᠦᠬᠠᠢ ᠶᠢᠨ ᠮᠦᠽᠧᠢ ᠬᠠᠩᠭᠠᠪᠠ︶ 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ​