ᠲᠣᠮᠤᠭ ᠭᠦᠦᠷᠨᠢᠭᠰᠡᠨ ᠴᠡᠩᠬᠡᠷ ᠮᠡᠯᠮᠡᠢ᠄ ᠤᠨᠠᠭᠠᠨ ᠪᠦᠷᠢᠳᠦ
ᠨᠡᠶᠢᠲᠡᠯᠡᠭᠰᠡᠨ ᠴᠠᠭ᠄
2024/10/9
    ᠤᠳᠤᠭ ᠬᠤᠰᠢᠭᠤ ᠪᠣᠯ ᠦᠨᠢ ᠤᠳᠠᠭᠠᠨ ᠲᠡᠤᠬᠡ ᠲᠠᠢ ᠭᠠᠶᠢᠬᠠᠯᠲᠠᠢ ᠣᠷᠣᠨ ᠶᠤᠮ᠃ ᠠᠲᠡᠬᠢ ᠰᠣᠶᠣᠯ ᠪᠣᠯ ᠲᠠᠤᠬᠡᠴᠢ ᠴᠢᠨᠠᠷ ᠲᠠᠢ᠂ ᠭᠠᠶᠢᠬᠠᠮᠰᠢᠭᠲᠠᠢ᠂ ᠤᠯᠠᠨ ᠲᠥᠷᠤᠯᠴᠢ ᠴᠢᠨᠠᠷ ᠲᠠᠢ᠂ ᠬᠤᠪᠣᠷ ᠴᠤᠬᠠᠭ ᠵᠡᠷᠭᠡ ᠣᠨᠴᠠᠯᠢᠭ ᠲᠠᠢ ᠪᠠᠶᠢᠳᠠᠭ᠃ ᠠᠳᠠ ᠠᠷᠵᠠᠢ ᠠᠭᠤᠢ᠂ ᠤᠯᠠᠨ ᠨᠣᠬᠠᠢ ᠶᠢᠨ ᠬᠤᠳᠳᠤᠭ ᠵᠡᠷᠭᠡ ᠡᠷᠳᠡᠨ ᠤ ᠪᠠᠭᠤᠷᠢ ᠠᠴᠠ ᠭᠠᠳᠠᠨ᠎ᠠ᠂ ᠤᠷᠠᠨᠳᠦ᠋ᠰᠢ  ᠶᠢᠨ ᠠᠭᠤᠯᠠ᠂ ᠲᠣᠰᠣᠳᠣ  ᠶᠢᠨ ᠭᠤᠣᠯ᠂ ᠤᠨᠠᠭᠠᠨ ᠪᠦᠷᠢᠳᠣ᠂ ᠱᠦᠭᠦᠷᠭᠡᠢ ᠵᠡᠷᠭᠡ ᠤᠯᠠᠨ ᠠᠷᠪᠢᠨ ᠵᠢᠭᠤᠯᠴᠢᠯᠠᠯ ᠤᠨ ᠭᠠᠵᠠᠷ ᠪᠠᠶᠢᠵᠤ᠂ ᠶᠡᠭᠡ ᠠᠷᠪᠢᠨ ᠲᠣᠮᠤᠭ ᠶᠠᠷᠢᠶ᠎ᠠ ᠦᠯᠡᠳᠡᠭᠡᠭᠰᠡᠨ ᠪᠠᠶᠢᠨ᠎ᠠ᠃ ᠡᠭᠦᠨ ᠳᠤ ︽ᠤᠨᠠᠭᠠᠨ ᠪᠦᠷᠢᠲᠦ︾ ᠭᠡᠰᠡᠨ ᠭᠠᠵᠠᠷ ᠨᠢ ᠬᠤᠨ ᠵᠣᠨ ᠬᠤᠶᠠᠷ ᠬᠤᠨᠣᠭᠰᠢᠨ ᠡᠪᠦᠯᠵᠢᠭᠡᠳ ᠬᠤᠷᠭᠤᠳᠠᠳᠠᠭ᠂ ᠬᠤᠳᠠᠯᠠ ᠤᠯᠠᠨ ᠳᠤ ᠪᠢᠰᠢᠷᠡᠭᠳᠡᠭᠰᠡᠨ ᠦᠵᠡᠮᠵᠢ ᠰᠠᠶᠢᠲᠠᠢ ᠭᠠᠵᠠᠷ ᠪᠣᠯᠬᠤᠷ ᠨᠤᠳᠤᠭ ᠤᠨ ᠬᠦᠮᠤᠰ ︽ᠳᠡᠭᠷᠢ ᠶᠢᠨ ᠷᠠᠰᠢᠶᠠᠨ︾ ᠭᠡᠵᠦ ᠲᠡᠭᠡᠳᠦᠯᠡᠨ ᠬᠡᠯᠡᠳᠡᠭ᠃
微信图片_20241009163202.jpg
   ︽ᠤᠨᠠᠭᠠᠨ ᠪᠦᠷᠢᠲᠤ︾ ᠭᠡᠰᠡᠨ ᠨᠠᠷᠡᠶᠢᠳᠤᠯ ᠨᠢ ᠤᠳᠤᠭ ᠬᠤᠰᠢᠭᠤᠨ ᠤ ᠰᠦᠮᠡᠳᠦ ᠰᠤᠮᠤᠨ ᠤ ᠶᠡᠭᠡ ᠡᠷᠬᠡᠲᠦ ᠭᠠᠴᠠᠭᠠᠨ ᠳᠤ ᠪᠠᠶᠢᠭ᠎ᠠ ᠨᠢᠭᠡᠨ ᠴᠡᠩᠬᠡᠭ ᠨᠠᠭᠤᠷ ᠠᠴᠠ ᠢᠷᠡᠯᠲᠠ ᠲᠠᠢ᠃ ᠲᠠᠯ᠎ᠠ ᠨᠤᠳᠤᠭ ᠤᠨ ᠰᠣᠶᠣᠯ ᠤᠨ ᠤᠳᠣᠨ ᠭᠡᠭᠲᠡᠭᠰᠡᠨ ᠠᠯᠳᠠᠷᠲᠤ ᠵᠣᠬᠢᠶᠠᠯᠴᠢ ᠠ᠊᠂ ᠣᠳᠽᠡᠷ ᠤᠳᠤᠭ ᠬᠤᠰᠢᠭᠤᠨ ᠳᠤ ᠬᠦᠨᠵᠡᠭᠡᠶᠢᠷᠠᠨ ᠵᠣᠬᠢᠶᠠᠨ ᠪᠦᠳᠦᠭᠡᠯᠭᠡ ᠬᠢᠵᠤ ᠶᠠᠪᠤᠬᠤ  ᠳᠤ ᠪᠠᠨ ︽ᠠᠳᠡ ᠶᠣᠰᠣᠲᠠᠢ ᠵᠦᠢᠯ ᠤᠨ ᠰᠢᠪᠠᠭᠤᠳ ᠤᠨ ᠴᠠᠩᠬᠡᠯᠲᠤ ᠣᠷᠣᠨ ᠪᠠᠶᠢᠵᠠᠢ᠃ ᠬᠤᠯᠠ ᠠᠴᠠ ᠬᠥᠭᠦᠭᠡ ᠰᠢᠪᠠᠭᠤ ᠲᠣᠩᠭᠤᠳᠤᠨ᠂ ᠬᠤᠶᠢᠭᠤᠷ ᠡᠮᠦᠨᠡᠭᠦᠷ ᠬᠠᠷᠢᠶᠠᠴᠠᠢ ᠰᠢᠪᠠᠭᠤ ᠬᠠᠯᠢᠨ ᠨᠢᠰᠴᠤ᠂ ᠬᠤᠶᠠᠷ ᠬᠠᠵᠠᠭᠤ  ᠪᠠᠷ ᠨᠢ ᠪᠣᠯᠵᠤᠮᠤᠷ ᠴᠡᠭᠴᠡᠭᠡᠢ ᠵᠢᠷᠬᠢᠨ᠎ᠡ᠃ ᠬᠤᠯᠠ ᠠᠴᠠ ᠬᠠᠷᠠᠬᠤ ᠳᠤ ᠨᠠᠭᠤᠷ ᠨᠢ ᠶᠠᠭ ᠮᠦᠩᠭᠦᠨ ᠤᠰᠣ ᠮᠡᠳᠣ ᠮᠠᠯᠮᠠᠯᠵᠠᠨ ᠬᠢᠯᠲᠤᠭᠡᠨᠡᠭᠡᠳ᠂ ᠲᠡᠷᠭᠡᠯ ᠰᠠᠷᠠᠨ ᠭᠠᠷ ᠤᠨᠠᠭᠰᠠᠨ ᠮᠡᠳᠤ ᠲᠦᠭᠦᠷᠢᠭ ᠪᠦᠭᠡᠳ ᠭᠡᠭᠡᠨ ᠁︾ ᠬᠡᠮᠡᠨ ︽ᠤᠨᠠᠭᠠᠨ ᠪᠦᠷᠢᠲᠤ︾ ᠨᠠᠶᠢᠷᠠᠭᠤᠯᠤᠯ ᠳᠤ ᠪᠠᠨ ᠪᠢᠴᠢᠭᠰᠡᠨ ᠪᠠᠶᠢᠳᠠᠭ ᠢ ᠪᠢᠳᠡ ᠰᠤᠷᠬᠤ ᠪᠢᠴᠢᠭ  ᠲᠤ ᠤᠩᠰᠢᠵᠤ ᠪᠠᠶᠢᠭᠰᠠᠨ ᠢᠶᠠᠨ ᠶᠠᠭᠤ ᠠᠨᠲᠠᠬᠤ ᠪᠢᠯᠡ᠃ ᠬᠡᠳᠦᠶᠢᠪᠡᠷ ᠤᠳᠣ ᠶᠢᠨ ᠨᠠᠭᠤᠷ ᠤᠨ ᠬᠥᠪᠡᠭᠡᠨ ᠳᠤ ᠦᠩᠭᠡᠷᠡᠭᠰᠡᠨ ᠤ ᠰᠢᠭ ᠬᠥᠭᠵᠢᠶᠠᠨᠲᠤ ᠪᠠᠶᠢᠳᠠᠯ ᠬᠠᠷᠠᠭᠳᠠᠬᠤ ᠦᠭᠡᠢ ᠪᠣᠯᠣᠭᠰᠠᠨ ᠪᠣᠯᠪᠠᠴᠤ᠂ ᠡᠪᠡᠰᠦ ᠪᠣᠳᠠᠨ ᠤ ᠳᠤᠮᠳᠠ ᠮᠥᠨ ᠯᠠ ᠡᠯ᠎ᠡ ᠵᠦᠢᠯ ᠤᠨ ᠭᠡᠭᠡᠷ᠎ᠡ ᠶᠢᠨ ᠴᠡᠴᠡᠭ ᠵᠢᠭᠳᠡᠷᠡᠨ ᠳᠡᠯᠭᠡᠷᠡᠵᠦ᠂ ᠬᠠᠲᠠᠨ ᠪᠠᠲᠤ ᠠᠮᠢᠵᠢᠷᠡᠯ ᠤᠨ ᠬᠦᠴᠦᠨ ᠢ ᠢᠯᠡᠷᠡᠭᠦᠯᠦᠨ᠂ ᠤᠨᠠᠭᠠᠨ ᠪᠦᠷᠢᠳᠣ ᠨᠠᠮᠤᠭᠤᠨ ᠭᠤᠶᠣ ᠰᠠᠶᠢᠬᠠᠨ ᠬᠠᠷᠠᠭᠳᠠᠨ᠎ᠠ᠃
微信图片_20241009163211.jpg
    ᠤᠨᠠᠭᠠᠨ ᠪᠦᠷᠢᠳᠤ ᠳᠤ ᠰᠣᠨᠢᠨ ᠰᠠᠶᠢᠬᠠᠨ ᠲᠣᠮᠤᠭ ᠪᠠᠶᠢᠳᠠᠭ᠃ ᠡᠷᠲᠡ ᠤᠷᠢᠲᠤ ᠶᠢᠨ ᠴᠠᠭ ᠲᠤ ᠨᠢᠭᠡᠨ ᠪᠠᠭᠠᠲᠤᠷ᠂ ᠲᠠᠶᠢᠰᠤᠨ ᠳᠤ ᠳᠠᠷᠤᠭᠳᠠᠭᠠᠳ ᠲᠤᠲᠠᠭᠠᠬᠤ ᠳᠤ ᠲᠡᠭᠦᠨ ᠤ ᠠᠯᠲᠠᠨ ᠰᠢᠷᠭ᠎ᠠ ᠮᠣᠷᠢ ᠨᠢ ᠪᠡᠶ᠎ᠡ ᠳᠤ ᠪᠠᠨ ᠳᠣᠯᠣᠭᠠᠨ ᠵᠠᠪᠠ ᠶᠢᠰᠤᠨ ᠰᠢᠷᠬ᠎ᠠ ᠲᠠᠢ ᠪᠠᠶᠢᠲᠠᠯ᠎ᠠ ᠲᠦᠮᠡᠨ ᠵᠠᠪᠠ ᠮᠢᠩᠭᠠᠨ ᠵᠢᠳᠠᠨ ᠤ ᠳᠤᠮᠳᠠᠭᠤᠷ ᠰᠢᠷᠭᠤᠨ ᠭᠠᠷᠴᠤ᠂ ᠡᠵᠡᠨ ᠢᠶᠠᠨ ᠠᠪᠤᠷᠠᠨ ᠭᠠᠷᠭᠠᠭᠠᠳ ᠡᠨᠡ ᠨᠠᠭᠤᠷ ᠤᠨ ᠬᠥᠪᠡᠭᠡᠨ ᠳᠤ ᠢᠷᠡᠵᠤ ᠦᠭᠦᠭᠰᠡᠨ ᠶᠤᠮ ᠭᠡᠨ᠎ᠡ᠃ ᠴᠢᠩᠬᠢᠭᠡᠳ ᠡᠵᠡᠨ ᠨᠢ ᠮᠣᠷᠢᠨ ᠤ ᠭᠡᠭᠦᠷ ᠢ ᠨᠠᠭᠤᠷ ᠤᠨ ᠬᠥᠪᠡᠭᠡᠨ ᠳᠤ ᠣᠷᠣᠰᠢᠭᠤᠯᠤᠭᠠᠳ ᠬᠠᠶᠢᠷᠠᠲᠤ ᠬᠦᠯᠥᠭ ᠢᠶᠠᠨ ᠮᠥᠷᠥᠭᠡᠳᠴᠤ ᠰᠠᠨᠠᠬᠤ ᠳᠤ ᠪᠠᠨ ᠽᠠᠨᠳᠠᠨ ᠮᠣᠳᠣᠨ ᠲᠣᠯᠣᠭᠠᠢ ᠲᠠᠢ ᠮᠣᠷᠢᠨ ᠬᠤᠭᠤᠷ ᠵᠣᠬᠢᠶᠠᠵᠤ᠂ ᠮᠣᠷᠢᠨ ᠤ ᠪᠠᠨ ᠲᠠᠯ ᠰᠡᠭᠦᠯ ᠢᠶᠠᠷ ᠨᠢ ᠴᠢᠪᠬᠠᠭᠳᠠᠰᠤ ᠬᠢᠵᠦ᠂ ᠡᠭᠡᠰᠢᠭᠲᠦ ᠳᠠᠭᠤᠨ ᠵᠣᠬᠢᠶᠡᠵᠤ ᠮᠣᠷᠢ ᠪᠠᠨ ᠮᠠᠭᠲᠠᠨ ᠳᠠᠭᠤᠯᠠᠭᠰᠠᠨ ᠠᠵᠢ᠃ ᠡᠴᠦᠰ ᠲᠤ ᠪᠠᠨ ᠪᠠᠭᠠᠲᠤᠷ ᠰᠢᠷᠭ᠎ᠠ ᠮᠣᠷᠢ ᠠᠯᠲᠠᠨ ᠤᠨᠠᠭ᠎ᠠ ᠪᠣᠯᠵᠤ ᠨᠠᠭᠤᠷ ᠠᠴᠠ ᠭᠠᠷᠴᠤ ᠢᠷᠡᠭᠡᠳ ᠡᠵᠡᠨ ᠤ ᠪᠠᠨ ᠵᠦᠭ ᠬᠠᠩᠬᠢᠨᠠᠲᠡᠯ᠎ᠠ ᠦᠤᠷᠰᠡᠳᠡᠭ ᠪᠣᠯᠵᠠᠢ᠃ ᠠᠯᠳᠠᠨ ᠤᠨᠠᠭ᠎ᠠ ᠶᠢᠨ ᠳᠠᠭᠤᠨ ᠮᠢᠩᠭᠠᠨ ᠭᠠᠵᠠᠷ ᠴᠤᠤᠷᠢᠶᠠᠳᠠᠵᠤ᠂ ᠤᠷᠳᠤᠰ ᠤᠨ ᠲᠦᠮᠡᠨ ᠠᠳᠤᠭᠤ ᠲᠡᠭᠦᠨ ᠤ ᠳᠠᠭᠤᠨ ᠵᠦᠭ ᠭᠦᠶᠦᠯᠴᠠᠳᠡᠭ ᠤᠴᠢᠷ ᠠᠴᠠ ᠡᠨᠡ ᠨᠠᠭᠤᠷ ᠢ ᠤᠨᠠᠭᠠᠨ ᠪᠦᠷᠢᠲᠤ ᠭᠡᠵᠦ ᠨᠠᠷᠡᠶᠢᠳᠦᠭᠰᠡᠨ ᠪᠥᠭᠡᠳ ᠠᠳᠠ ᠠᠳᠤᠭᠤ ᠶᠡᠭᠡ ᠦᠰᠴᠤ ᠬᠤᠷᠳᠤᠨ ᠮᠣᠷᠢ ᠭᠠᠷᠳᠠᠭ ᠤᠯᠠᠮᠵᠢᠯᠠᠯ ᠲᠠᠢ ᠪᠣᠯᠣᠭᠰᠠᠨ ᠭᠡᠨ᠎ᠡ᠃ ᠭᠠᠭᠴᠠ ᠮᠣᠷᠢ ᠪᠠᠨ ᠠᠯᠳᠠᠭᠠᠳ ᠭᠤᠨᠢᠷᠠᠯᠲᠤ ᠳᠠᠭᠤᠤ ᠳᠠᠭᠤᠯᠠᠵᠤ ᠰᠠᠭᠤᠭᠰᠠᠨ ᠲᠡᠷᠡ ᠪᠠᠭᠠᠲᠤᠷ ᠤᠨ ᠦᠷᠡᠰ ᠣᠳᠣ ᠤᠷᠳᠤᠰ ᠨᠤᠳᠤᠭ ᠤᠨ ᠡᠵᠡᠨ ᠨᠢ ᠪᠣᠯᠣᠭᠠᠳ ᠲᠦᠮᠡᠨ ᠠᠳᠤᠭᠤ ᠮᠢᠩᠭᠠᠨ ᠠᠭᠲᠠ ᠪᠠᠷ ᠢᠶᠠᠨ ᠠᠭᠤᠯᠠ ᠲᠠᠯ᠎ᠠ ᠶᠢ ᠲᠦᠭᠦᠷᠭᠡᠵᠦ᠂ ᠲᠠᠷᠭᠤᠨ ᠮᠣᠷᠢᠨ ᠤ ᠨᠢᠷᠤᠭᠤᠨ ᠳᠡᠭᠡᠷ᠎ᠡ ᠰᠦᠪᠡᠭᠡ ᠲᠤᠯᠣᠨ ᠰᠠᠭᠤᠭᠠᠳ ᠢᠨᠠᠭ ᠳᠤᠷᠠᠯᠠᠯ᠂ ᠵᠤᠯ ᠵᠢᠷᠭᠠᠯ ᠤᠨ ᠳᠠᠭᠤᠤ ᠪᠠᠨ ᠳᠠᠭᠤᠯᠠᠨ᠎ᠠ᠃    ︽ᠤᠨᠠᠭᠠᠨ ᠪᠦᠷᠢᠳᠤ︾ ᠶᠢᠨ ᠲᠣᠮᠤᠭ ᠪᠣᠯ ᠣᠳᠤᠭ ᠲᠦᠮᠡᠨ ᠤ ᠦᠶ᠎ᠡ ᠶᠢᠨ ᠦᠶ᠎ᠡ ᠳᠡᠭᠡᠨ ᠤᠯᠠᠮᠵᠢᠯᠠᠭᠳᠠᠭᠰᠠᠨ ᠠᠮᠠᠨ ᠦᠯᠢᠭᠡᠷ ᠪᠠᠶᠢᠵᠤ᠂ ᠠᠮᠢᠳᠤ ᠳᠦᠷᠰᠦᠯᠢᠭ ᠤᠯᠠᠮᠵᠢᠯᠠᠯ ᠢᠶᠠᠷ ᠥᠪᠣᠷ ᠮᠣᠩᠭᠤᠯᠴᠣᠳ ᠤᠨ ᠰᠢᠨᠳᠡᠷᠡᠰᠢ ᠦᠭᠡᠢ ᠲᠡᠮᠡᠴᠡᠯ ᠤᠨ ᠵᠣᠷᠢᠭ ᠰᠠᠨᠠᠭ᠎ᠠ᠂ ᠡᠷᠬᠢᠮ ᠲᠡᠭᠡᠲᠦ ᠬᠦᠰᠡᠯ ᠡᠷᠡᠮᠡᠯᠵᠡᠯ ᠢ ᠲᠡᠮᠳᠡᠭᠯᠡᠵᠦ᠂ ᠡᠷᠬᠢᠮ ᠨᠠᠨᠳᠢᠨ ᠤᠳᠬ᠎ᠠ ᠵᠣᠬᠢᠶᠠᠯ ᠤᠨ ᠰᠤᠳᠤᠯᠭᠠᠨ ᠤ ᠦᠨ᠎ᠡ ᠥᠷᠳᠡᠭ ᠲᠠᠢ ᠶᠤᠮ᠃ 
 
微信图片_20241009163156.jpg
                                                ᠰᠤᠷᠪᠤᠯᠵᠢᠯᠠᠭᠴᠢ᠄ ᠪᠠᠢ ᠰᠠᠶᠢᠨᠪᠢᠯᠢᠭ᠌                                                              ᠡᠷᠳᠡᠨᠢᠳᠡᠨ᠎ᠡ                                                              ᠬᠠᠰᠯᠤᠤ
ᠢᠷᠡᠯᠲᠡ᠄ ᠣᠳᠤᠭ ᠬᠤᠰᠢᠭᠤᠨ ᠤ ᠬᠠᠮ ᠵᠠᠭᠤᠴᠢᠯᠠᠭᠤᠷ ᠤᠨ ᠲᠥᠪ