ᠦᠣᠰᠢᠨ ᠬᠤᠰᠢᠭᠤᠨ ᠤ ᠡᠯᠧᠺᠲᠷᠣᠨ ᠬᠤᠳᠠᠯᠳᠤᠭᠠᠨ ᠤ ᠰᠢᠭᠤᠳ ᠨᠡᠪᠡᠷᠡᠭᠦᠯᠭᠡ ᠶᠢᠨ ᠮᠡᠷᠭᠡᠵᠢᠯ ᠴᠢᠳᠠᠪᠤᠷᠢ ᠶᠢᠨ ᠪᠣᠯᠪᠡᠰᠤᠷᠠᠯ ᠤᠨ ᠠᠩᠭᠢ ᠬᠢᠴᠢᠶᠡᠯ ᠡᠬᠢᠯᠡᠪᠡ
ᠨᠡᠶᠢᠲᠡᠯᠡᠭᠰᠡᠨ ᠴᠠᠭ᠄
2024/11/12
    11 ᠰᠠᠷ᠎ᠠ ᠶᠢᠨ 11  ᠤ ᠡᠳᠤᠷ᠂ ᠦᠣᠰᠢᠨ ᠬᠤᠰᠢᠭᠤᠨ ᠤ ︽ᠲᠣᠭᠠᠴᠢᠯᠠᠭᠰᠠᠨ ᠴᠢᠳᠡᠪᠤᠷᠢ ᠪᠠᠷ ᠬᠦᠳᠡᠭᠡ ᠳᠣᠰᠬᠤᠨ ᠢ ᠬᠥᠭᠵᠢᠭᠦᠯᠤᠨ ᠮᠡᠨᠳᠤᠭᠤᠯᠬᠤ ᠶᠢ ᠡᠷᠴᠢᠯᠡᠬᠦ︾ ᠡᠯᠧᠺᠲᠷᠦᠨ ᠬᠤᠳᠠᠯᠳᠤᠭᠠᠨ ᠤ ᠰᠢᠭᠤᠳ ᠨᠡᠪᠲᠡᠷᠡᠭᠦᠯᠭᠡ ᠶᠢᠨ ᠮᠡᠷᠭᠡᠵᠢᠯ ᠴᠢᠳᠠᠪᠤᠷᠢ ᠶᠢᠨ ᠪᠣᠯᠪᠠᠰᠤᠷᠠᠯ ᠤᠨ ᠠᠩᠬᠢ ᠵᠧᠵᠢᠶᠠᠩ ᠮᠤᠵᠢ ᠶᠢᠨ ᠬᠠᠩᠵᠧᠦ ᠬᠤᠲᠠ ᠳᠤ ᠬᠢᠴᠢᠶᠡᠯ ᠡᠬᠢᠯᠡᠪᠡ᠃ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ᠂ ᠬᠤᠰᠢᠭᠤᠨ ᠤ ᠬᠠᠮ ᠵᠠᠭᠤᠴᠢᠯᠠᠭᠤᠷ ᠤᠨ ᠲᠥᠪ᠂ ᠬᠤᠰᠢᠭᠤᠨ ᠤ ᠬᠠᠩᠭᠠᠨ ᠪᠣᠷᠣᠯᠠᠭᠤᠯᠬᠤ ᠬᠤᠷᠰᠢᠶ᠎ᠠ᠂ ᠦᠣᠰᠢᠨ ᠬᠤᠰᠢᠭᠤᠨ ᠤ ᠤᠯᠠᠭᠠᠨᠮᠥ᠋ᠴᠢᠷ᠂ ᠦᠣᠰᠢᠨ ᠬᠤᠰᠢᠭᠤᠨ ᠤ ᠰᠢᠷᠬᠤᠰᠤ ᠰᠣᠶᠣᠯ ᠵᠢᠭᠤᠯᠴᠢᠯᠡᠯ ᠤᠨ ᠪᠡᠯᠡ ᠣᠷᠣᠭᠤᠯᠤᠯᠲᠠ ᠶᠢᠨ ᠨᠡᠬᠡᠭᠡᠨ ᠬᠥᠭᠵᠢᠭᠦᠯᠤᠯᠲᠠ ᠶᠢᠨ ᠬᠢᠵᠠᠭᠠᠷᠲᠤ ᠺᠣᠮᠫᠠᠨᠢ ᠵᠡᠷᠭᠡ ᠬᠠᠮᠢᠶ᠎ᠠ ᠪᠦᠬᠦᠢ ᠠᠵᠢᠯ ᠲᠦᠷᠤᠯ ᠤᠨ ᠰᠠᠯᠠᠭ᠎ᠠ ᠮᠥᠴᠢᠷ ᠵᠢᠴᠢ ᠰᠤᠮᠤ ᠰᠢᠶᠠᠩ ᠪᠠᠯᠭᠠᠰᠤ ᠶᠢᠨ ᠡᠯᠧᠺᠲᠷᠤᠨ ᠬᠤᠳᠠᠯᠳᠤᠭᠠᠨ ᠤ ᠰᠢᠭᠤᠳ ᠨᠡᠪᠲᠠᠷᠠᠭᠦᠯᠭᠡ ᠶᠢᠨ ᠳᠤᠬᠠᠶᠢᠯᠠᠭᠰᠠᠨ ᠠᠵᠢᠯ ᠤᠨ ᠭᠤᠣᠯᠯᠠᠭᠴᠢ ᠠᠵᠢᠯᠲᠠᠨ᠂ ᠬᠤᠲᠠ ᠬᠤᠰᠢᠭᠤ ᠬᠤᠶᠠᠷ ᠱᠠᠳᠤᠨ ᠤ ᠲᠣᠰᠬᠤᠨ ᠳᠤ ᠰᠠᠭᠤᠭ᠎ᠠ ᠺᠠᠳ᠋ᠷ ᠵᠡᠷᠭᠡ 50 ᠭᠠᠷᠤᠢ ᠬᠦᠮᠤᠨ ᠪᠣᠯᠪᠠᠰᠤᠷᠠᠯ ᠳᠤ ᠣᠷᠣᠯᠴᠠᠪᠠ᠃    ᠲᠣᠰ ᠤᠳᠠᠭᠠᠨ ᠤ ᠪᠣᠯᠪᠠᠰᠤᠷᠠᠯ ᠨᠢ 5 ᠡᠳᠤᠷ ᠶᠠᠪᠤᠭᠳᠠᠬᠤ ᠪᠠᠷ ᠪᠠᠶᠢᠵᠤ᠂ ᠵᠧᠵᠢᠶᠠᠩ ᠮᠤᠵᠢ ᠶᠢᠨ ᠬᠠᠩᠵᠧᠦ ᠬᠤᠲᠠ ᠳᠤ᠂ ᠱᠣᠣᠰᠢᠩ ᠬᠤᠲᠠ ᠶᠢᠨ ᠡᠯᠧᠺᠲᠷᠣᠨ ᠬᠤᠳᠠᠯᠳᠤᠭᠠᠨ ᠤ ᠰᠢᠭᠤᠳ ᠨᠡᠪᠲᠡᠷᠡᠭᠦᠯᠭᠡ ᠶᠢᠨ ᠲᠡᠷᠢᠭᠦᠨ ᠤ ᠭᠠᠵᠠᠷ ᠣᠷᠣᠨ ᠳᠤ ᠡᠯᠧᠺᠲᠷᠤᠨ ᠬᠤᠳᠠᠯᠳᠤᠭᠠᠨ ᠤ ᠰᠢᠭᠤᠳ ᠨᠡᠪᠳᠡᠷᠡᠭᠦᠯᠭᠡ ᠪᠠᠷ ᠲᠠᠷᠢᠶᠠᠯᠠᠩ ᠤᠨ ᠪᠦᠲᠦᠭᠡᠭᠳᠡᠭᠦᠨ ᠢ ᠪᠤᠷᠣᠯᠠᠭᠤᠯᠬᠤ᠂ ᠰᠢᠭᠤᠳ ᠨᠡᠪᠳᠡᠷᠡᠭᠦᠯᠭᠡ ᠶᠢᠨ ᠲᠠᠰᠤᠭ ᠤᠨ ᠪᠥᠬᠦ ᠶᠠᠪᠤᠴᠠ ᠶᠢᠨ ᠡᠵᠡᠩᠨᠡᠯᠲᠡ᠂ ᠣᠬᠤᠷ  ᠵᠦᠴᠦᠭᠡ ᠶᠢᠨ ᠵᠣᠬᠢᠶᠠᠨ ᠪᠦᠲᠦᠭᠡᠯᠭᠡ ᠵᠡᠷᠭᠡ ᠠᠭᠤᠯᠭ᠎ᠠ ᠳᠤ ᠠᠩᠬᠠᠷᠤᠯ ᠢᠶᠠᠨ ᠲᠦᠪᠯᠡᠷᠡᠭᠦᠯᠤᠨ ᠲᠣᠰᠬᠠᠢ ᠰᠡᠳᠦᠪᠲᠦ ᠵᠢᠭᠠᠨ ᠰᠤᠷᠭᠠᠯᠲᠠ᠂ ᠲᠤᠬᠠᠢ ᠶᠢᠨ ᠲᠠᠯᠠᠪᠤᠷ ᠤᠨ ᠵᠢᠭᠠᠨ ᠰᠤᠷᠭᠠᠯᠲᠠ᠂ ᠪᠣᠯᠪᠠᠰᠤᠷᠠᠯ ᠰᠣᠷᠢᠯᠲᠠ ᠶᠢ ᠤᠶᠠᠯᠳᠤᠭᠤᠯᠤᠨ᠎ᠠ᠃
 
ᠢᠷᠡᠯᠲᠡ᠄ ᠣᠷᠳᠣᠰ ᠬᠤᠲᠠ ᠶᠢᠨ ᠬᠠᠮ ᠵᠠᠭᠤᠴᠢᠯᠠᠭᠤᠷ ᠤᠨ ᠲᠥᠪ