ᠲᠣᠮᠣ ᠦᠷᠤᠮ᠎ᠡ ᠬᠢᠨᠢᠰ ᠤᠨ ᠲᠡᠮᠳᠡᠭᠯᠡᠯ ᠢ ᠡᠭᠦᠳᠴᠡᠢ
ᠨᠡᠶᠢᠲᠡᠯᠡᠭᠰᠡᠨ ᠴᠠᠭ᠄
2024/11/6
    11 ᠰᠠᠷ᠎ᠠ  ᠶᠢᠨ 5᠎ ᠤ ᠡᠳᠤᠷ᠂ ᠦᠣᠰᠢᠨ ᠬᠤᠰᠢᠭᠤᠨ ᠤ ᠭᠠᠯᠠᠭᠤᠲᠤ ᠪᠠᠯᠭᠠᠰᠤᠨ ᠠᠴᠠ ᠮᠡᠳᠡᠭᠦᠯᠦᠭᠰᠡᠨ ︽ᠲᠣᠮᠣ ᠦᠷᠤᠮ᠎ᠡ︾ ᠬᠢᠨᠢᠰ ᠤᠨ ᠳᠡᠯᠡᠬᠡᠢ ᠶᠢᠨ ᠲᠡᠮᠳᠡᠭᠯᠡᠯ ᠢ ᠡᠭᠦᠳᠴᠦ᠂ ᠬᠡᠷᠡᠴᠢᠯᠡᠭᠴᠢ ᠠᠴᠠ ᠭᠠᠯᠠᠭᠤᠲᠤ ᠪᠠᠯᠭᠠᠰᠤᠨ ᠤ ᠠᠷᠠᠳ ᠤᠨ ᠵᠠᠰᠠᠭ ᠤᠨ ᠣᠷᠳᠤᠨ ᠳᠤ ᠬᠡᠷᠡᠴᠢᠯᠡᠯ ᠤᠨ ᠦᠨᠡᠮᠯᠠᠯ ᠭᠠᠷᠳᠠᠭᠤᠯᠪᠠ᠃    2000 ᠵᠢᠩ ᠦᠨᠢᠶᠡᠨ ᠰᠦ ᠪᠠᠷ ᠬᠥᠭᠡᠷᠦᠭᠦᠯᠤᠨ ᠬᠢᠭᠰᠡᠨ ᠣᠷᠲᠤ ᠨᠢ 4.94 ᠮᠧᠲᠷ᠂ ᠥᠷᠭᠡᠨ ᠨᠢ 1.94 ᠮᠧᠲᠷ᠂ ᠲᠠᠯᠠᠪᠡᠢ ᠨᠢ 9.58 ᠲᠡᠭᠰᠢ ᠲᠥᠷᠪᠡᠯᠵᠢᠨ ᠮᠧᠲᠷ ᠤᠨ ᠲᠣᠮᠣ ᠦᠷᠥᠮ᠎ᠡ ᠶᠢ ᠦᠦᠰᠢᠨ ᠬᠤᠰᠢᠭᠤᠨ ᠤ ᠭᠠᠯᠠᠭᠤᠲᠤ ᠪᠠᠯᠭᠠᠰᠤᠨ ᠤ ︽ᠠᠷᠠᠳ ᠤᠨ ᠰᠡᠳᠭᠢᠯ︾ ᠴᠠᠭᠠᠨ ᠢᠳᠡᠭᠡᠨ ᠪᠣᠯᠪᠠᠰᠤᠷᠠᠭᠤᠯᠬᠤ ᠦᠢᠯᠡᠳᠪᠤᠷᠢ ᠶᠢᠨ ᠮᠥᠷᠡᠨ ᠬᠢᠵᠤ ᠪᠦᠳᠦᠭᠡᠭᠡᠳ ︽ᠬᠠᠮᠤᠭ ᠤᠨ ᠲᠣᠮᠣ ᠦᠷᠤᠮ᠎ᠡ︾᠎ ᠪᠠᠷ ᠬᠢᠨᠢᠰ ᠤᠨ ᠲᠡᠮᠳᠡᠭᠯᠡᠯ ᠢ ᠡᠭᠦᠳᠴᠡᠢ᠃ ᠡᠨᠡ ᠨᠢ ᠬᠢᠨᠢᠰ ᠤᠨ ᠲᠡᠮᠳᠡᠭᠯᠡᠯ ᠳᠤ ᠳᠠᠩᠰᠡᠯᠠᠭᠤᠯᠤᠭᠰᠠᠨ ᠮᠠᠨ ᠤ ᠬᠤᠲᠠ ᠶᠢᠨ ᠠᠩᠬᠠᠳᠠᠭᠴᠢ ᠤᠯᠠᠮᠵᠢᠯᠠᠯᠲᠤ ᠴᠠᠭᠠᠨ ᠢᠳᠡᠭᠡᠨ ᠤ ᠨᠢᠭᠡᠨ ᠲᠦᠷᠤᠯ ᠪᠣᠯᠣᠭᠰᠠᠨ ᠪᠠᠶᠢᠨ᠎ᠠ᠃
  
ᠢᠷᠡᠯᠲᠡ᠄ ᠣᠷᠳᠣᠰ ᠬᠤᠲᠠ ᠶᠢᠨ ᠬᠠᠮ ᠵᠠᠭᠤᠴᠢᠯᠠᠭᠤᠷ ᠤᠨ ᠲᠥᠪ