ᠬᠦᠮᠤᠰ ᠵᠦᠩᠳᠡᠭᠡᠨ ᠬᠠᠷᠢ ᠬᠤᠯᠠ ᠶᠢᠨ ᠦᠵᠡᠮᠵᠢ ᠶᠢ ᠵᠣᠷᠢᠵᠦ ᠬᠠᠷᠢᠨ ᠲᠡᠷᠭᠡᠳᠡᠬᠢ ᠰᠠᠶᠢᠬᠠᠨ ᠦᠦ᠋ᠵᠡᠮᠵᠢ ᠪᠠᠨ ᠤᠮᠳᠤᠭᠠᠶᠢᠯᠠᠳᠠᠭ᠃ ᠲᠠᠷᠭᠡᠳᠡᠬᠢ ᠰᠠᠶᠢᠬᠠᠨ | ᠦᠵᠡᠮᠵᠢ ᠶᠢᠨ ᠳᠤᠳᠣᠷ᠎ᠠ ᠮᠢᠨᠤ ᠨᠤᠲᠤᠭ ᠤᠨ ᠭᠤᠶᠢᠳᠠ ᠦᠵᠡᠮᠵᠢ ᠡᠵᠡᠨ ᠬᠤᠷᠤᠭ᠎ᠠ ᠬᠤᠰᠢᠭᠤᠨ ᠤ ᠳᠠᠪᠠᠯᠭᠠᠨ ᠬᠥᠨᠳᠡᠢ ᠳᠤ ᠵᠤᠭᠠᠯᠠᠬᠤ ᠭᠡᠵᠤ ᠪᠡᠰᠠ ᠠᠶᠠᠲᠠᠶᠢᠬᠠᠨ | ᠰᠢᠤ᠃ ᠠᠯᠲᠠᠨᠰᠢᠷᠡᠭᠡᠲᠦ ᠪᠠᠯᠭᠠᠰᠤ ᠠᠴᠠ ᠪᠢᠨ ᠬᠠᠢ ᠪᠠᠷᠠᠭᠤᠨ ᠵᠠᠮ ᠢᠶᠠᠷ G210 ᠵᠠᠮ ᠳᠤ ᠭᠠᠷᠴᠤ ᠪᠠᠷᠤᠭ ᠨᠢᠭᠡ ᠴᠠᠭ ᠠᠶᠠᠯᠠᠬᠤ ᠳᠤ ᠵᠡᠭᠦᠨ ᠠᠴᠠ ᠪᠠᠷᠠᠭᠤᠨᠰᠢ | ᠰᠤᠨᠤᠯᠵᠠᠭᠰᠠᠨ ᠠᠰᠬ᠎ᠠ ᠬᠠᠲᠠ᠂ ᠬᠠᠴᠢᠨ ᠣᠷᠬᠢᠯ ᠨᠢ ᠨᠠᠷᠠᠨ ᠤ ᠬᠡᠷᠠᠯ ᠳᠤ ᠤᠯᠠᠭᠠᠨ ᠪᠤᠶᠤ ᠤᠯᠠᠪᠤᠷ ᠦᠩᠭᠡ ᠪᠠᠷ ᠰᠤᠯᠪᠢᠴᠠᠨᠠ᠃ ᠡᠨᠡ ᠬᠦ ᠬᠦᠨᠲᠡᠢ ᠶᠢ | ᠬᠤᠯᠠ ᠠᠴᠠ ᠬᠠᠷᠠᠬᠤ ᠳᠤ ᠣᠯᠠᠭᠠᠨ ᠲᠤᠷᠭ᠎ᠠ ᠰᠠᠯᠬᠢᠨ ᠤ ᠠᠶ᠎ᠠ ᠪᠠᠷ ᠬᠡᠶᠢᠰᠴᠦ ᠪᠠᠶᠢᠬᠤ ᠮᠡᠲᠦ᠂ ᠣᠶᠢᠷ᠎ᠠ ᠠᠴᠠ ᠬᠠᠷᠠᠬᠤ ᠳᠤ ᠠᠷᠢᠶᠠᠲᠠᠨ ᠬᠡᠪᠳᠠᠵᠤ ᠪᠠᠶᠢᠬᠤ ᠮᠡᠳᠣ᠂ | ᠣᠶᠢᠷᠠᠳᠴᠤ ᠣᠴᠢᠪᠠᠯ ᠭᠠᠯ ᠭᠠᠷᠠᠭ ᠤᠨ ᠭᠠᠳᠠᠷᠭᠤ ᠳᠤ ᠬᠥᠷᠥᠭᠰᠡᠨ ᠮᠡᠲᠦ ᠨᠢᠭᠤᠴᠠᠬᠠᠢ ᠰᠠᠨᠠᠭᠳᠠᠨ᠎ᠠ᠃ ᠲᠡᠭᠦᠨ ᠤ ᠤᠯᠠᠭᠠᠨ ᠦᠩᠭᠡ ᠨᠢ ᠤᠯᠠᠨ ᠵᠢᠯ ᠤᠨ | ᠲᠤᠷᠰᠢᠬᠢ ᠭᠠᠵᠠᠷ ᠤᠨ ᠭᠠᠲᠠᠷᠭᠤ ᠶᠢᠨ ᠢᠳᠡᠭᠳᠡᠯ ᠵᠡᠷᠭᠡ ᠭᠠᠵᠠᠷ ᠵᠦᠢ ᠶᠢᠨ ᠦᠢᠯᠡᠳᠦᠯ ᠠᠴᠠ ᠪᠣᠯᠤᠭᠰᠠᠨ ᠳ᠋ᠠᠨ ᠰᠢᠶᠠ ᠭᠠᠵᠠᠷ ᠤᠨ ᠭᠠᠲᠠᠷᠭᠤ ᠪᠠᠶᠢᠵᠤ ᠤᠳᠠᠭᠠᠨ | ᠣᠨ ᠤ ᠰᠠᠯᠬᠢ ᠪᠤᠷᠤᠭᠠᠨ ᠰᠠᠶᠢᠯᠵᠤ ᠳᠠᠮᠠᠭᠠᠯᠭᠠᠭᠰᠠᠨ ᠤ ᠦᠷ᠎ᠡ ᠳ᠋ᠦᠩ ᠮᠥᠨ᠃ ᠤᠳᠤ ᠴᠤᠤᠷᠢᠶ᠎ᠠ᠂ ᠪᠤᠰᠢᠭᠤ ᠭᠠᠷ ᠤᠨ ᠳᠠᠮᠵᠢᠭᠤᠯᠭ᠎ᠠ ᠪᠠᠷ ᠡᠨᠡ ᠬᠦ ᠴᠣᠯ | ᠪᠠᠶᠢᠭᠠᠯᠢᠯᠢᠭ ᠦᠵᠡᠮᠵᠢ ᠶᠢᠨ ᠣᠷᠣᠨ ᠨᠢ ᠵᠤᠭᠠᠴᠠᠭᠰᠠᠳ ᠤᠨ ᠰᠣᠨᠢᠭᠤᠴᠢ ᠪᠠ ᠪᠠᠭ᠋ᠠᠷᠬᠠᠯ ᠢ ᠲᠠᠲᠠᠵᠤ᠂ ᠬᠦᠮᠤᠰ ᠤᠨ ᠵᠤᠭᠠᠴᠠᠨ ᠲᠤᠭᠤᠷᠢᠬᠤ ᠨᠢᠭᠡᠨ ᠰᠠᠶᠢᠬᠠᠨ | ᠰᠤᠩᠭᠤᠯᠲᠠ ᠪᠣᠯᠤᠭᠰᠠᠨ ᠪᠠᠶᠢᠨ᠎ᠠ᠃ | | | | | | | | | | | | | | | | | | | | | |