ᠬᠤᠶᠠᠷ ᠬᠡᠮᠵᠢᠯᠲᠦ ᠺᠣᠳ᠋ ᠢ ᠰᠢᠷᠪᠢᠵᠦ ᠲᠣᠰᠬᠤᠨ ᠤ ᠪᠠᠨ ᠪᠦᠭᠦ ᠮᠡᠳᠡᠭᠡ ᠵᠠᠩᠭᠢ ᠶᠢ ᠣᠶᠢᠯᠠᠭᠠᠨ᠎ᠠ
ᠨᠡᠶᠢᠲᠡᠯᠡᠭᠰᠡᠨ ᠴᠠᠭ᠄
2024/2/20
     ︽ᠪᠠᠭ᠎ᠠ ᠠᠴᠠ ᠬᠡᠳᠦᠨ ᠮᠥᠩᠭᠦ᠂ ᠶᠡᠭᠡ ᠠᠴᠠ ᠬᠡᠳᠦᠨ ᠲᠦᠮᠡᠨ ᠲᠥᠭᠦᠷᠢᠭ ᠭᠦᠷᠲᠡᠯ᠎ᠡ ᠲᠣᠰᠬᠤᠨ ᠤ ᠵᠠᠷᠤᠴᠠᠭᠤᠯᠤᠭᠰᠠᠨ ᠵᠠᠷᠤᠳᠠᠯ ᠨᠢᠭᠡᠪᠦᠷᠢ ᠶᠢ ᠴᠥᠮ ᠢᠯᠡ ᠪᠣᠯᠭᠠᠵᠠᠢ︾ ᠬᠡᠮᠡᠨ 11 ᠰᠠᠷ᠎ᠠ ᠶᠢᠨ 7 ᠤ ᠡᠳᠦᠷ ᠪᠠᠶᠠᠨᠨᠠᠭᠤᠷ ᠬᠤᠲᠠ ᠶᠢᠨ ᠯᠢᠨ ᠾᠧ ᠲᠣᠭᠤᠷᠢᠭ ᠤᠨ ᠱᠤᠸᠠᠩ ᠾᠧ ᠪᠠᠯᠭᠠᠰᠤᠨ ᠤ ᠶᠢᠨ ᠪᠦ᠋ ᠲᠣᠰᠬᠤᠨ ᠤ ᠠᠷᠠᠳ ᠤᠨ ᠵᠥᠪᠯᠡᠯ ᠤᠨ ᠭᠡᠰᠢᠭᠦᠨ ᠯᠢᠦ ᠬᠤᠶ ᠲᠣᠰᠬᠤᠨ ᠤ ᠶᠠᠪᠤᠳᠠᠯ ᠢ ᠢᠯᠡ ᠪᠤᠯᠭᠠᠬᠤ ᠬᠤᠶᠠᠷ ᠬᠡᠮᠵᠢᠯᠲᠦ ᠺᠣᠳ᠋ ᠢ ᠵᠢᠭᠠᠭᠠᠳ ᠰᠤᠷᠪᠤᠯᠵᠢᠯᠠᠬᠴᠢ ᠳᠤ ᠲᠠᠨᠢᠯᠴᠠᠭᠤᠯᠤᠨ᠎ᠠ᠃ ᠰᠤᠷᠪᠤᠯᠵᠢᠯᠠᠬᠴᠢ ᠭᠠᠷ ᠤᠲᠠᠰᠤ ᠪᠠᠷ ᠬᠤᠶᠠᠷ ᠬᠡᠮᠵᠢᠯᠲᠦ ᠺᠣᠳ᠋ ᠢ ᠰᠢᠷᠪᠢᠭᠰᠡᠨ ᠳᠤ ᠲᠣᠰᠬᠤᠨ ᠤ ᠶᠠᠪᠤᠳᠠᠯ ᠤᠨ ᠮᠡᠳᠡᠭᠡ ᠵᠠᠩᠭᠢ ᠭᠠᠷ ᠤᠲᠠᠰᠤᠨ ᠳᠡᠭᠡᠷ᠎ᠡ ᠢᠯᠡᠷᠡᠵᠦ᠂ ᠪᠦᠭᠦ ᠵᠠᠷᠤᠳᠠᠯ ᠤᠨ ᠪᠠᠶᠢᠳᠠᠯ ᠲᠣᠪ ᠲᠣᠳᠣᠷᠬᠠᠢ ᠪᠠᠶᠢᠯ᠎ᠠ᠃     ︽ᠲᠤᠰᠬᠤᠨ ᠤ ᠱᠠᠲᠤᠨ ᠤ ᠡᠳ᠋ ᠤᠨ ᠶᠠᠪᠤᠳᠠᠯ ᠠᠷᠠᠳᠴᠢᠯᠠᠭᠰᠠᠨ ᠬᠠᠮᠢᠶᠠᠷᠤᠯᠲᠠ ᠶᠢ ᠪᠡᠶᠡᠯᠡᠭᠦᠯᠦᠭᠰᠡᠨ ᠨᠢ ᠲᠤᠰᠬᠤᠨ ᠤ ᠠᠷᠠᠳ ᠤᠨ ᠪᠠᠶᠢᠳᠠᠯ ᠢ ᠮᠡᠳᠡᠬᠦ ᠡᠷᠬᠡ ᠪᠠ ᠬᠢᠨᠠᠯᠲᠠ ᠲᠠᠯᠪᠢᠬᠤ ᠡᠷᠬᠡ ᠶᠢ ᠨᠡᠩ ᠰᠠᠶᠢᠨ ᠪᠠᠲᠤᠯᠠᠵᠠᠢ︾ ᠭᠡᠵᠦ ᠶᠢᠨ ᠪᠦ᠋ ᠲᠣᠰᠬᠤᠨ ᠤ ᠨᠠᠮ ᠤᠨ ᠡᠭᠦᠷ ᠤᠨ ᠱᠦᠵᠢ ᠴᠧᠨ ᠮᠣᠣ ᠸᠧᠢ ᠬᠡᠯᠡᠵᠦ ᠪᠠᠶᠢᠪᠠ᠂ ᠲᠡᠷᠡ᠄︽ᠤᠤᠯ ᠨᠢ ᠲᠣᠰᠬᠤᠨ ᠤ ᠶᠠᠪᠤᠳᠠᠯ ᠤᠨ ᠮᠡᠳᠡᠭᠡ ᠵᠠᠩᠭᠢ ᠶᠢ ᠪᠦᠷ ᠭᠠᠳᠠᠨᠠᠬᠢ ᠤᠬᠠᠭᠤᠯᠭ᠎ᠠ ᠶᠢᠨ ᠪᠤᠯᠤᠩ ᠳᠤ ᠳᠡᠯᠭᠡᠵᠦ᠂ ᠲᠣᠰᠬᠤᠨ ᠤ ᠠᠷᠠᠳ ᠪᠣᠳᠠᠲᠠᠢ ᠲᠣᠰᠬᠤᠨ ᠤ ᠶᠠᠪᠤᠳᠠᠯ ᠢ ᠣᠶᠢᠯᠠᠭᠠᠶ᠎ᠠ ᠭᠡᠪᠡᠯ ᠲᠣᠰᠬᠤᠨ ᠤ ᠠᠷᠠᠳ ᠤᠨ ᠵᠥᠪᠯᠡᠯ ᠳᠤ ᠣᠴᠢᠬᠤ ᠴᠢᠬᠤᠯᠠ ᠲᠠᠢ᠂ ᠭᠡᠬᠦ ᠳᠤ ᠤᠯᠠᠨ ᠲᠣᠰᠬᠤᠨ ᠤ ᠠᠷᠠᠳ ᠵᠢᠯ ᠲᠤᠷᠰᠢ ᠭᠠᠳᠠᠭᠰᠢ ᠭᠠᠷᠴᠤ ᠬᠥᠯᠥᠰᠦᠨ ᠠᠵᠢᠯ ᠬᠢᠵᠦ᠂ ᠲᠣᠰᠬᠤᠨ ᠤ ᠶᠠᠪᠤᠳᠠᠯ ᠢ ᠣᠶᠢᠯᠠᠭᠠᠵᠤ ᠲᠡᠶᠢᠯᠭᠦ ᠦᠭᠡᠢ ᠪᠠᠶᠢᠳᠠᠭ᠂ ︿ᠨᠢᠭᠡ ᠲᠣᠰᠬᠤᠨ ᠨᠢᠭᠡ ᠺᠣᠳ᠋﹀ ᠤᠨ ᠢᠯᠡ ᠲᠠᠪᠴᠠᠩ ᠢ ᠬᠡᠷᠡᠭᠯᠡᠭᠰᠡᠨ ᠠᠴᠠ ᠲᠣᠰᠬᠤᠨ ᠤ ᠶᠠᠪᠤᠳᠠᠯ ᠢ ᠢᠯᠡ ᠪᠤᠯᠭᠠᠬᠤ ᠬᠦᠴᠢᠷ ᠠᠰᠠᠭᠤᠳᠠᠯ ᠪᠣᠯᠣᠨ ᠲᠦᠭᠵᠢᠷᠡᠯ ᠤᠨ ᠠᠰᠠᠭᠤᠳᠠᠯ ᠢ ᠲᠤᠶᠢᠯᠪᠤᠷᠢᠲᠠᠢ ᠰᠢᠢᠳᠪᠦᠷᠢᠯᠡᠵᠡᠢ︾ ᠭᠡᠵᠦ ᠶᠠᠷᠢᠨ᠎ᠠ᠃     ᠲᠣᠰᠬᠤᠨ ᠤ ᠱᠠᠲᠤᠨ ᠤ ᠡᠳ᠋ ᠤᠨ ᠶᠠᠪᠤᠳᠠᠯ ᠢ ᠢᠯᠡ ᠪᠤᠯᠭᠠᠬᠤ ᠶᠢᠨ ᠲᠥᠯᠥᠭᠡ᠂ ᠪᠠᠶᠠᠨᠨᠠᠭᠤᠷ ᠬᠤᠲᠠ ᠲᠣᠰᠬᠤᠨ ᠤ ᠶᠠᠪᠤᠳᠠᠯ ᠢ ᠢᠯᠡ ᠪᠤᠯᠭᠠᠬᠤ ᠮᠡᠳᠡᠭᠡ ᠵᠠᠩᠭᠢ ᠶᠢᠨ ᠲᠠᠪᠴᠠᠩ ᠢ ᠬᠡᠷᠡᠭᠵᠢᠭᠦᠯᠵᠦ᠂ ᠲᠤᠬᠠᠶᠢᠯᠠᠪᠠᠯ ︽ᠨᠢᠭᠡ ᠲᠣᠰᠬᠤᠨ ᠨᠢᠭᠡ ᠺᠣᠳ᠋︾ ᠤᠨ ᠲᠣᠰᠬᠤᠨ ᠤ ᠶᠠᠪᠤᠳᠠᠯ ᠢ ᠢᠯᠡ ᠪᠤᠯᠭᠠᠬᠤ ᠵᠠᠭᠪᠤᠷ ᠢ ᠬᠡᠷᠡᠭᠵᠢᠭᠦᠯᠵᠦ᠂ ᠲᠣᠰᠬᠤᠨ ᠪᠠ ᠨᠡᠶᠢᠭᠡᠮ ᠲᠣᠭᠤᠷᠢᠭ ᠨᠢᠭᠡᠪᠦᠷᠢ ᠳᠤ ᠲᠤᠰᠬᠠᠢ ᠬᠠᠷᠢᠶᠠᠯᠠᠭᠳᠠᠬᠤ ᠬᠤᠶᠠᠷ ᠬᠡᠮᠵᠢᠯᠲᠦ ᠺᠣᠳ᠋ ᠲᠠᠢ ᠪᠠᠶᠢᠵᠤ᠂ ᠵᠠᠰᠠᠭ ᠤᠨ ᠶᠠᠪᠤᠳᠠᠯ᠂ ᠡᠳ᠋ ᠤᠨ ᠶᠠᠪᠤᠳᠠᠯ ᠵᠡᠷᠭᠡ ᠮᠡᠳᠡᠭᠡ ᠵᠠᠩᠭᠢ ᠶᠢ ᠲᠣᠳᠣᠷᠬᠠᠢ ᠵᠢᠭᠰᠠᠭᠠᠪᠠ᠃︽ᠲᠣᠰᠬᠤᠨ ᠤ ᠠᠷᠠᠳ ᠤᠨ ᠵᠥᠪᠯᠡᠯ ᠰᠠᠷ᠎ᠠ ᠪᠦᠷᠢ ᠶᠠᠮᠠᠷ ᠶᠠᠪᠤᠳᠠᠯ ᠬᠢᠭᠰᠡᠨ᠂ ᠬᠡᠳᠦᠢ ᠵᠣᠭᠤᠰ ᠵᠠᠷᠤᠴᠠᠭᠤᠯᠤᠭᠰᠠᠨ ᠢ ᠪᠢᠲᠡ ᠪᠦᠷ ᠲᠣᠳᠣᠷᠬᠠᠢ ᠮᠡᠳᠡᠬᠦ ᠪᠣᠯᠤᠭᠰᠠᠨ ᠶᠤᠮ︾ ᠬᠡᠮᠡᠨ ᠦᠶᠤᠸᠠᠨ ᠰᠢᠶᠠᠨ ᠤ ᠹᠦ᠋ ᠰᠢᠩ ᠪᠠᠯᠭᠠᠰᠤᠨ ᠤ ᠶᠦᠩ ᠹᠧᠩ ᠲᠣᠰᠬᠤᠨ ᠤ ᠠᠷᠠᠳ ᠴᠧᠨ ᠯᠢ ᠹᠧᠩ ᠭᠠᠷ ᠤᠲᠠᠰᠤ ᠪᠠᠷ ᠢᠶᠠᠨ ᠲᠠᠷᠢᠶᠠᠴᠢᠳ ᠲᠤ ᠠᠰᠢᠭ ᠬᠦᠷᠲᠡᠭᠡᠬᠦ ᠬᠠᠮᠤᠭ ᠤᠨ ᠰᠢᠨ᠎ᠡ ᠲᠦᠷᠦ ᠶᠢᠨ ᠪᠣᠳᠣᠯᠭ᠎ᠠ ᠶᠢ ᠡᠷᠢᠵᠦ ᠦᠵᠡᠬᠦ ᠶᠢᠨ ᠳᠠᠭᠠᠤ ᠰᠤᠷᠪᠤᠯᠵᠢᠯᠠᠬᠴᠢ ᠳᠤ ᠬᠡᠯᠡᠨ᠎ᠡ᠃ ︽ᠵᠠᠰᠠᠭ ᠤᠨ ᠶᠠᠪᠤᠳᠠᠯ︾ ᠪᠤᠯᠤᠩ ᠳᠤ ᠲᠣᠰᠬᠤᠨ ᠤ ᠠᠷᠠᠳ ᠤᠨ ᠠᠰᠢᠭ ᠲᠤᠰᠠ ᠲᠠᠢ ᠬᠤᠯᠪᠣᠭᠳᠠᠭᠰᠠᠨ ᠨᠠᠰᠤᠵᠢᠯ ᠤᠨ ᠠᠰᠠᠷᠠᠮᠵᠢ ᠶᠢᠨ ᠮᠥᠩᠭᠦ᠂ ᠲᠦᠷ ᠴᠠᠭ ᠤᠨ ᠨᠥᠬᠦᠪᠦᠷᠢ᠂ ᠨᠠᠭᠠᠲᠤ ᠵᠠᠬ᠎ᠠ ᠶᠢᠨ ᠠᠮᠢᠳᠤᠷᠠᠯ ᠤᠨ ᠪᠠᠲᠤᠯᠠᠭ᠎ᠠ ᠬᠦᠷᠲᠡᠭᠰᠡᠳ ᠤᠨ ᠨᠡᠷᠡᠰ ᠵᠡᠷᠭᠡ ᠠᠭᠤᠯᠭ᠎ᠠ ᠶᠢ ᠨᠢᠭᠡᠳ ᠨᠢᠭᠡ ᠪᠠᠷ ᠨᠠᠷᠢᠨ ᠵᠢᠭᠰᠠᠭᠠᠭᠰᠠᠨ ᠬᠠᠷᠠᠭᠳᠠᠨ᠎ᠠ᠃     ︽ᠣᠶᠤᠨᠴᠢ ᠭᠠᠷ ᠤᠲᠠᠰᠤ ᠬᠡᠷᠡᠭᠯᠡᠵᠦ ᠴᠢᠳᠠᠬᠤ ᠦᠭᠡᠢ ᠨᠠᠰᠤᠲᠠᠶᠢᠴᠤᠳ ᠲᠤ ᠴᠢᠭᠯᠡᠭᠦᠯᠦᠨ᠂ ᠪᠢᠳᠡ ᠮᠥᠨ ᠬᠦ ᠪᠣᠳᠠᠲᠤ ᠴᠣᠭᠴᠠ ᠶᠢᠨ ᠢᠯᠡ ᠨᠡᠶᠢᠲᠡᠯᠡᠬᠦ ᠪᠤᠯᠤᠩ ᠢ ᠦᠯᠡᠳᠡᠭᠡᠵᠦ᠂ ᠲᠣᠰᠬᠤᠨ ᠤ ᠱᠠᠲᠤᠨ ᠤ ᠨᠠᠮ ᠣᠯᠠᠨ ᠲᠦᠮᠡᠨ ᠤ ᠦᠢᠯᠡᠴᠢᠯᠡᠭᠡᠨ ᠤ ᠲᠥᠪ ᠪᠣᠯᠣᠨ ᠲᠣᠰᠬᠤᠨ ᠤ ᠠᠷᠠᠳ ᠤᠨ ᠠᠵᠢᠯᠯᠠᠭᠠᠨ ᠤ ᠲᠠᠯᠠᠪᠤᠷ ᠲᠤ ᠲᠣᠰᠬᠤᠨ ᠤ ᠶᠠᠪᠤᠳᠠᠯ ᠢ ᠢᠯᠡ ᠨᠡᠶᠢᠲᠡᠯᠡᠬᠦ ᠪᠤᠯᠤᠩ ᠭᠠᠷᠭᠠᠵᠤ᠂ ᠲᠣᠰᠬᠤᠨ ᠤ ᠶᠠᠪᠤᠳᠠᠯ ᠢ ᠰᠦᠯᠵᠢᠶᠡᠨ ᠳᠡᠭᠡᠷ᠎ᠡ ᠪᠠ ᠪᠣᠳᠠᠲᠤ ᠴᠣᠭᠴᠠ ᠵᠡᠷᠭᠡ ᠪᠠᠷ ᠢᠯᠡ ᠨᠡᠶᠢᠲᠡᠯᠡᠬᠦ ᠶᠢ ᠪᠡᠶᠡᠯᠡᠭᠦᠯᠵᠦ᠂ ᠲᠣᠰᠬᠤᠨ ᠤ ᠠᠷᠠᠳ ᠤᠨ ᠬᠢᠨᠠᠯᠲᠠ ᠶᠢ ᠬᠦᠯᠢᠶᠡᠵᠦ ᠪᠠᠶᠢᠨ᠎ᠠ︾ ᠭᠡᠵᠦ ᠶᠦᠩ ᠹᠧᠩ ᠲᠣᠰᠬᠤᠨ ᠤ ᠨᠠᠮ ᠤᠨ ᠡᠭᠦᠷ ᠤᠨ ᠱᠦᠵᠢ ᠯᠢ ᠰᠢᠶᠣᠣ ᠰᠧ ᠲᠠᠨᠢᠯᠴᠠᠭᠤᠯᠤᠨ᠎ᠠ᠃     ᠨᠢᠭᠡ ᠬᠤᠶᠠᠷ ᠬᠡᠮᠵᠢᠯᠲᠦ ᠺᠣᠳ᠋ ᠪᠣᠯ ᠳᠠᠷᠤᠢ ᠨᠢᠭᠡ ᠳᠡᠪᠲᠡᠷ ᠲᠣᠰᠬᠤᠨ ᠤ ᠱᠠᠲᠤᠨ ᠤ ᠬᠡᠷᠡᠭ ᠶᠠᠪᠤᠳᠠᠯ ᠤᠨ ᠬᠠᠮᠢᠶᠠᠷᠤᠯᠲᠠ ᠶᠢᠨ ᠲᠣᠳᠣᠷᠬᠠᠢ ᠳᠠᠩᠰᠠ ᠪᠣᠯᠣᠨ᠎ᠠ᠃ ᠲᠣᠰ ᠲᠠᠪᠴᠠᠩ ᠢ ᠠᠵᠢᠯᠯᠠᠭᠤᠯᠤᠭᠰᠠᠨ ᠠᠴᠠ ᠨᠠᠭᠠᠰᠢ᠂ ᠪᠦᠭᠦ ᠬᠤᠲᠠ ᠶᠢᠨ 652 ᠭᠠᠴᠠᠭ᠎ᠠ ᠲᠣᠰᠬᠤᠨ᠂ 140 ᠨᠡᠶᠢᠭᠡᠮ ᠲᠣᠭᠤᠷᠢᠭ ᠨᠡᠶᠢᠲᠡ 17.5 ᠲᠦᠮᠡᠨ ᠲᠣᠰᠬᠤᠨ ᠤ ᠶᠠᠪᠤᠳᠠᠯ ᠢ ᠢᠯᠡ ᠪᠤᠯᠭᠠᠵᠤ᠂ ᠲᠣᠰᠬᠤᠨ ᠪᠦᠷᠢ ᠰᠠᠷ᠎ᠠ ᠳᠤᠮᠳᠠᠴᠢ ᠪᠠᠷ 7 ᠲᠤᠰᠬᠤᠨ ᠤ ᠶᠠᠪᠤᠳᠠᠯ ᠢ ᠢᠯᠡ ᠪᠤᠯᠭᠠᠵᠤ᠂ ᠲᠣᠰᠬᠤᠨ ᠤ ᠶᠠᠪᠤᠳᠠᠯ ᠢ ᠢᠯᠡ ᠪᠤᠯᠭᠠᠬᠤ ᠬᠡᠮᠵᠢᠶ᠎ᠡ ᠥᠨᠳᠥᠷ ᠪᠢᠰᠢ᠂ ᠳᠥᠭᠦᠮ ᠦᠭᠡᠢ᠂ ᠬᠠᠮᠤᠷᠬᠤ ᠬᠡᠪᠴᠢᠶ᠎ᠡ ᠬᠦᠷᠦᠯᠴᠡᠬᠦ ᠦᠭᠡᠢ ᠵᠡᠷᠭᠡ ᠠᠰᠠᠭᠤᠳᠠᠯ ᠢ ᠪᠦᠲᠦᠮᠵᠢᠲᠡᠶ ᠰᠢᠢᠳᠪᠦᠷᠢᠯᠡᠪᠡ᠃     ︽ᠪᠠᠶᠠᠨᠨᠠᠭᠤᠷ ᠬᠤᠲᠠ ᠪᠤᠶ ᠪᠦᠬᠦᠢ ᠭᠠᠴᠠᠭ᠎ᠠ ᠲᠣᠰᠬᠤᠨ᠂ ᠨᠡᠶᠢᠭᠡᠮ ᠲᠣᠭᠤᠷᠢᠭ ᠲᠤ ᠲᠤᠰᠬᠠᠢ ᠬᠠᠷᠢᠶᠠᠯᠠᠭᠳᠠᠬᠤ ᠬᠤᠶᠠᠷ ᠬᠡᠮᠵᠢᠯᠲᠦ ᠺᠣᠳ᠋ ᠵᠣᠬᠢᠶᠠᠨ ᠬᠤᠪᠢᠶᠠᠷᠢᠯᠠᠵᠤ᠂ ︿ᠨᠢᠭᠡ ᠲᠣᠰᠬᠤᠨ ᠨᠢᠭᠡ ᠺᠣᠳ᠋ ᠲᠠᠢ﹀ ᠲᠣᠰᠬᠤᠨ ᠤ ᠶᠠᠪᠤᠳᠠᠯ ᠢ ᠢᠯᠡ ᠪᠤᠯᠭᠠᠬᠤ ᠵᠠᠭᠪᠤᠷ ᠢ ᠬᠡᠷᠡᠭᠵᠢᠭᠦᠯᠵᠦ᠂ ᠲᠣᠰᠬᠤᠨ ᠤ ᠶᠠᠪᠤᠳᠠᠯ ᠢ ᠢᠯᠡ ᠪᠤᠯᠭᠠᠬᠤ ᠠᠭᠤᠯᠭ᠎ᠠ ᠶᠢ ᠴᠠᠭ ᠢᠶᠠᠷ ᠨᠢ ᠴᠠᠭ ᠲᠤᠬᠠᠢ ᠳᠤᠨᠢ ᠢᠯᠡ ᠪᠤᠯᠭᠠᠬᠤ ᠵᠦᠢᠯᠡᠰ᠂ ᠤᠯᠠᠷᠢᠯ ᠤᠨ ᠢᠯᠡ ᠪᠤᠯᠭᠠᠬᠤ ᠵᠦᠢᠯᠡᠰ᠂ ᠬᠠᠭᠠᠰ ᠵᠢᠯ ᠤᠨ ᠢᠯᠡ ᠪᠤᠯᠭᠠᠬᠤ ᠵᠦᠢᠯᠡᠰ᠂ ᠵᠢᠯ ᠤᠨ ᠡᠴᠦᠰ ᠲᠤ ᠢᠯᠡ ᠪᠤᠯᠭᠠᠬᠤ ᠵᠦᠢᠯᠡᠰ ᠵᠡᠷᠭᠡ ᠳᠥᠷᠪᠡᠨ ᠬᠡᠰᠡᠭ ᠪᠣᠯᠭᠠᠨ ᠬᠤᠪᠢᠶᠠᠵᠤ᠂ ᠠᠷᠠᠳ ᠲᠤ ᠠᠰᠢᠭ ᠬᠦᠷᠲᠡᠭᠡᠬᠦ ᠲᠥᠷᠥ ᠶᠢᠨ ᠪᠣᠳᠣᠯᠭ᠎ᠠ᠂ ᠢᠨᠵᠧᠨᠧᠷᠢᠩ ᠲᠥᠷᠥᠯ ᠵᠦᠢᠯ᠂ ᠬᠦᠴᠢᠷᠳᠡᠯ ᠠᠴᠠ ᠠᠪᠤᠷᠠᠨ ᠲᠤᠰᠠᠯᠠᠬᠤ ᠵᠡᠷᠭᠡ 25 ᠢᠯᠡ ᠪᠤᠯᠭᠠᠬᠤ ᠵᠦᠢᠯᠡᠰ ᠢ ᠪᠠᠲᠤᠯᠠᠨ ᠲᠣᠭᠲᠠᠭᠠᠬᠤ ᠶᠢᠨ ᠬᠠᠮᠲᠤ ᠢᠯᠡ ᠪᠤᠯᠭᠠᠬᠤ ᠲᠠᠰ ᠳᠠᠷᠠᠭᠠᠯᠠᠯ ᠢ ᠲᠣᠳᠣᠷᠬᠠᠶᠢᠯᠠᠵᠤ᠂ ᠲᠣᠰᠬᠤᠨ ᠤ ᠶᠠᠪᠤᠳᠠᠯ ᠢ ᠢᠯᠡ ᠪᠤᠯᠭᠠᠬᠤ ᠠᠭᠤᠯᠭ᠎ᠠ ᠨᠢ ᠪᠦᠭᠦ ᠲᠠᠯ᠎ᠠ ᠶᠢᠨ᠂ ᠲᠠᠰ ᠳᠠᠷᠠᠭᠠᠯᠠᠯ ᠨᠢ ᠪᠠᠷᠢᠮᠵᠢᠶᠠᠵᠢᠭᠰᠠᠨ ᠵᠢᠷᠤᠮ ᠲᠠᠢ ᠪᠠᠶᠢᠬᠤ ᠶᠢ ᠪᠡᠶᠡᠯᠡᠭᠦᠯᠦᠨ᠎ᠡ︾ ᠬᠡᠮᠡᠨ ᠪᠠᠶᠠᠨᠨᠠᠭᠤᠷ ᠬᠤᠲᠠ ᠶᠢᠨ ᠠᠷᠠᠳ ᠤᠨ ᠶᠠᠪᠤᠳᠠᠯ ᠤᠨ ᠲᠣᠪᠴᠢᠶ᠎ᠠ ᠶᠢᠨ ᠳᠡᠳ᠋ ᠳᠠᠷᠤᠭ᠎ᠠ ᠵᠠᠩ ᠽᠦᠸᠧ ᠯᠢᠶᠠᠩ ᠲᠠᠨᠢᠯᠴᠠᠭᠤᠯᠤᠨ᠎ᠠ᠃
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ