ᠬᠡᠦᠬᠡᠳ ᠤᠨ ᠵᠠᠩ ᠠᠭᠠᠰᠢ ᠶᠢ ᠲᠠᠮᠢᠷ ᠤᠨ ᠬᠥᠳᠡᠯᠭᠡᠭᠡᠨ ᠨᠥᠯᠥᠭᠡᠯᠡᠳᠡᠭ
ᠨᠡᠶᠢᠲᠡᠯᠡᠭᠰᠡᠨ ᠴᠠᠭ᠄
2024/2/22
     ᠲᠠᠮᠢᠷ ᠤᠨ ᠬᠥᠳᠡᠯᠭᠡᠭᠡᠨ ᠵᠠᠩ ᠠᠭᠠᠰᠢ ᠶᠢ ᠵᠣᠬᠢᠬᠤ ᠲᠠᠯ᠎ᠠ ᠪᠠᠷ ᠨᠥᠯᠥᠭᠡᠯᠡᠳᠡᠭ ᠪᠠᠶᠢᠨ᠎ᠠ᠃ ᠲᠠᠮᠢᠷ ᠤᠨ ᠬᠥᠳᠡᠯᠭᠡᠭᠡᠨ ᠤ ᠲᠤᠬᠠᠢ ᠰᠤᠳᠤᠯᠭᠠᠨ ᠳᠤ ᠭᠡᠷᠡᠴᠢᠯᠡᠭᠰᠡᠨ ᠢᠶᠠᠷ᠂ ᠡᠯ᠎ᠡ ᠲᠥᠷᠤᠯ ᠤᠨ ᠲᠠᠮᠢᠷ ᠤᠨ ᠬᠥᠳᠡᠯᠭᠡᠭᠡᠨ ᠳᠤ ᠢᠳᠡᠪᠬᠢᠲᠡᠢ ᠣᠷᠤᠯᠴᠠᠬᠤ ᠨᠢ ᠥᠪᠡᠷ ᠢ ᠪᠠᠨ ᠡᠵᠡᠮᠳᠡᠬᠦ ᠴᠢᠳᠠᠪᠤᠷᠢ᠂ ᠢᠲᠡᠭᠡᠯ ᠵᠣᠷᠢᠭ ᠢ ᠡᠷᠴᠢᠯᠡᠬᠦ ᠳᠤ ᠨᠥᠯᠥᠭᠡ ᠦᠵᠡᠭᠦᠯᠦᠨ ᠪᠠᠭ᠎ᠠ ᠨᠠᠰᠤᠨ ᠤ ᠬᠡᠦᠬᠡᠳ ᠤᠨ ᠡᠷᠡᠭᠦᠯ ᠰᠠᠷᠠᠭᠤᠯ ᠵᠠᠩ ᠴᠢᠨᠠᠷ ᠲᠠᠢ ᠪᠣᠯᠣᠨ ᠬᠥᠮᠥᠵᠢᠬᠦ ᠳᠤ ᠮᠠᠰᠢ ᠲᠤᠰᠠᠲᠠᠢ ᠪᠣᠯᠬᠤᠷ ᠲᠠᠮᠢᠷ ᠤᠨ ᠬᠥᠳᠡᠯᠭᠡᠭᠡᠨ ᠤ ᠪᠣᠯᠪᠠᠰᠤᠷᠠᠯ ᠢ ᠬᠡᠦᠬᠡᠳ ᠪᠠᠭᠠᠴᠤᠳ ᠲᠤ ᠢᠯᠡᠭᠦᠬᠡᠨ ᠬᠢᠯᠬᠡᠵᠤ ᠲᠠᠰᠬᠠᠯᠵᠢᠭᠤᠯᠪᠠᠯ ᠵᠣᠬᠢᠨ᠎ᠠ᠃ ᠬᠥᠯ ᠪᠥᠮᠪᠦᠭᠡ᠂ ᠠᠯᠠᠭᠠᠳᠠᠬᠤ ᠪᠥᠮᠪᠦᠭᠡ᠂ ᠬᠦᠴᠦᠨ ᠵᠠᠯᠭᠠᠵᠤ ᠭᠦᠶᠦᠬᠦ᠂ ᠳᠡᠭᠡᠰᠦ ᠲᠠᠲᠠᠬᠤ ᠵᠡᠷᠭᠡ ᠬᠠᠮᠲᠤ ᠨᠡᠶᠢᠲᠡᠴᠢ ᠴᠢᠨᠠᠷ ᠲᠠᠢ ᠬᠥᠳᠡᠯᠭᠡᠭᠡᠨ ᠳᠤ ᠣᠷᠣᠯᠴᠠᠪᠠᠯ ᠭᠠᠭᠴᠠᠭᠠᠷᠳᠠᠮᠠᠯ᠂ ᠵᠥᠷᠢᠭᠦᠳ ᠵᠠᠩ ᠠᠭᠠᠰᠢ ᠶᠢ ᠰᠠᠶᠢᠵᠢᠷᠠᠭᠤᠯᠵᠤ ᠨᠠᠶᠢᠵᠠ ᠨᠥᠬᠦᠳ ᠲᠠᠢ ᠪᠠᠨ ᠬᠠᠷᠢᠴᠠᠭ᠎ᠠ ᠪᠠᠨ ᠪᠠᠲᠤᠳᠬᠠᠵᠤ᠂ ᠪᠦᠯᠬᠦᠮᠳᠡᠵᠦ ᠴᠢᠳᠠᠨ᠎ᠠ᠃ ᠤᠰᠤᠨ ᠳᠤ ᠤᠮᠪᠠᠭᠤ᠂ ᠮᠥᠰᠥᠨ ᠳᠤ ᠲᠠᠰᠢᠬᠤ᠂ ᠨᠢᠳᠤᠷᠭᠠᠨ ᠲᠡᠮᠡᠴᠡᠭᠡᠨ᠂ ᠪᠥᠬᠡ ᠪᠠᠷᠢᠯᠳᠤᠬᠤ᠂ ᠲᠠᠩ ᠬᠤᠣᠰ ᠰᠠᠪᠠᠯᠠᠭᠤᠷ ᠵᠢᠴᠢ ᠬᠤᠯᠠ ᠬᠠᠷᠠᠶᠢᠯᠲᠠ ᠶᠢᠨ ᠲᠠᠮᠢᠷ ᠤᠨ ᠬᠥᠳᠡᠯᠭᠡᠭᠡᠨ ᠨᠢ ᠬᠠᠷᠰᠢ ᠰᠠᠭᠠᠳ ᠢ ᠲᠤᠭᠤᠯᠬᠤ ᠡᠷᠡᠮᠡᠬᠡᠢ ᠵᠣᠷᠢᠭ ᠲᠠᠢ ᠪᠤᠯᠭᠠᠵᠤ ᠢᠴᠢᠮᠡᠲᠡᠭᠡᠢ ᠪᠦᠷᠦᠭ ᠵᠠᠩ ᠢᠶᠠᠨ ᠬᠠᠯᠠᠬᠤ ᠳᠤ ᠰᠠᠶᠢᠨ ᠨᠥᠯᠥᠭᠡ ᠲᠠᠢ᠂ ᠫᠢᠡᠭᠫᠤᠡᠭ ᠪᠥᠮᠪᠦᠭᠡ᠂ ᠲᠣᠣᠷ ᠪᠥᠮᠪᠦᠭᠡ᠂ ᠥᠳᠤᠨ ᠪᠥᠮᠪᠦᠭᠡ᠂ ᠥᠨᠳᠥᠷ ᠦᠰᠦᠷᠬᠦ᠂ ᠬᠤᠯᠠ ᠬᠠᠷᠠᠶᠢᠬᠤ ᠨᠢ ᠠᠵᠢᠯ ᠶᠠᠪᠤᠳᠠᠯ ᠬᠢᠬᠦ ᠳᠤ ᠡᠷᠡᠰ ᠲᠠᠰᠤᠷᠬᠠᠢ ᠥᠪᠡᠷᠮᠢᠴᠡ ᠴᠢᠨᠠᠷ ᠢ ᠬᠥᠮᠥᠵᠢᠭᠦᠯᠬᠦ ᠳᠤ ᠠᠴᠢ ᠲᠤᠰᠠᠲᠠᠢ᠂ ᠰᠢᠲᠠᠷ᠎ᠠ ᠲᠠᠯᠪᠢᠬᠤ᠂ ᠤᠳᠠᠭᠠᠨ ᠭᠦᠶᠦᠬᠦ᠂ ᠬᠤᠯᠠ ᠠᠯᠬᠤᠬᠤ ᠨᠢ ᠥᠪᠡᠷ ᠢ ᠪᠠᠨ ᠡᠵᠡᠮᠳᠡᠬᠦ ᠬᠦᠯᠢᠴᠡᠩᠭᠦᠢ ᠯᠠᠪᠳᠠᠭᠤᠨ ᠵᠠᠩ ᠠᠭᠠᠰᠢ ᠶᠢ ᠪᠤᠢ ᠪᠣᠯᠭᠠᠨ᠎ᠠ᠃ ᠬᠡᠪ ᠴᠢᠨᠠᠷ ᠤᠨ ᠪᠣᠯᠪᠠᠰᠤᠷᠠᠯ ᠣᠣᠷ ᠴᠢᠳᠠᠪᠤᠷᠢ ᠶᠢ ᠬᠥᠮᠥᠵᠢᠭᠦᠯᠬᠦ ᠳᠤ ᠬᠦᠴᠦ ᠲᠠᠯᠪᠢᠭ᠎ᠠ ᠤᠳᠤ ᠴᠠᠭ ᠤᠨ ᠭᠡᠷ ᠤᠨ ᠠᠬᠠᠮᠠᠳ ᠨᠠᠷ ᠬᠡᠦᠬᠡᠳ ᠢᠶᠠᠨ ᠪᠢᠲᠡᠭᠡᠢ ᠠᠩᠭ᠍ᠯᠢ ᠬᠡᠯᠡ᠂ ᠬᠥᠭᠵᠢᠮ᠂ ᠺᠤᠮᠫᠢᠦ᠋ᠲ᠋ᠧᠷ ᠲᠤ ᠤᠶᠠᠭᠠᠳ ᠪᠠᠶᠢᠭᠠᠷᠠᠢ︕ ᠡᠯ᠎ᠡ ᠲᠥᠷᠤᠯ ᠤᠨ ᠲᠠᠮᠢᠷ ᠤᠨ ᠬᠥᠳᠡᠯᠭᠡᠭᠡᠨ ᠳᠤ ᠢᠳᠡᠪᠬᠢᠲᠡᠢ ᠣᠷᠣᠯᠴᠠᠭᠤᠯᠵᠤ᠂ ᠡᠷᠡᠭᠦᠯ ᠴᠢᠭᠢᠷᠠᠭ᠂ ᠰᠠᠶᠢᠨ ᠰᠠᠶᠢᠬᠠᠨ ᠵᠠᠩ ᠠᠭᠠᠰᠢ ᠲᠠᠢ ᠪᠣᠯᠭᠠᠨ ᠬᠥᠮᠥᠵᠢᠭᠦᠯᠦᠭᠡᠷᠡᠢ︕
ᠢᠷᠡᠯᠲᠡ᠄ ᠥᠪᠥᠷ ᠮᠣᠩᠭᠣᠯ ᠤᠨ ᠡᠳᠦᠷ ᠦᠨ ᠰᠣᠨᠢᠨ