ᠭᠠᠯ ᠲᠠᠬᠢᠯᠭ᠎ᠠ ᠶᠢᠨ ᠴᠠᠢ
ᠨᠡᠶᠢᠲᠡᠯᠡᠭᠰᠡᠨ ᠴᠠᠭ᠄
2024/3/12
     ᠭᠠᠯ ᠲᠠᠬᠢᠯᠭ᠎ᠠ ᠶᠢᠨ ᠵᠠᠩ ᠦᠢᠯᠡ ᠪᠣᠯ ᠨᠡᠶᠢᠲᠡ ᠮᠣᠩᠭᠤᠯ ᠲᠤᠭᠤᠷᠭᠠᠲᠠᠨ ᠤ ᠨᠡᠶᠢᠲᠡᠯᠢᠭ ᠲᠦᠭᠡᠮᠡᠯ ᠰᠢᠲᠦᠭᠡᠨ ᠤ ᠬᠡᠯᠪᠢᠷᠢ ᠪᠣᠯᠣᠨ᠎ᠠ᠃ ᠪᠠᠰᠠ ᠴᠤ ᠶᠡᠭᠡ ᠡᠷᠲᠡ ᠳᠡᠭᠡᠷ᠎ᠡ ᠦᠶ᠎ᠡ ᠠᠴᠠ ᠤᠯᠠᠮᠵᠢᠯᠠᠯ ᠪᠦᠬᠦᠢ ᠮᠠᠯᠴᠢᠨ ᠤ ᠰᠣᠶᠣᠯ ᠶᠤᠮ᠃ ᠮᠣᠩᠭᠤᠯ ᠬᠥᠮᠥᠨ ᠭᠠᠯ ᠢ ᠡᠷᠬᠢᠮᠯᠡᠨ ᠬᠦᠨᠳᠦᠯᠡᠬᠦ᠂ ᠡᠩᠬᠡ ᠲᠤᠩᠬ᠎ᠠ ᠥᠭᠡᠳᠡ ᠬᠡᠢ ᠮᠣᠷᠢ ᠲᠠᠢ ᠰᠠᠶᠢᠨ ᠰᠠᠶᠢᠬᠠᠨ ᠢ ᠵᠥᠩᠨᠡᠭᠰᠡᠨ ᠪᠡᠯᠭᠡᠳᠡᠯ ᠤᠨ ᠠᠭᠤᠯᠭ᠎ᠠ ᠲᠠᠢ ᠶᠤᠮ᠃ ᠡᠶᠢᠮᠦ ᠠᠴᠠ ᠰᠦᠨᠢᠳᠴᠤᠳ ᠬᠦᠬᠡᠬᠡ ᠰᠠᠷ᠎ᠠ ᠶᠢᠨ ᠬᠤᠷᠢᠨ ᠭᠤᠷᠪᠠᠨ᠂ ᠬᠤᠷᠢᠨ ᠳᠦᠷᠪᠡᠨ ᠳᠤ ᠭᠠᠯ ᠲᠠᠬᠢᠬᠤ ᠶᠣᠰᠣᠨ ᠢ ᠬᠢᠳᠡᠭ᠃ ᠬᠦᠬᠡᠬᠡ ᠰᠠᠷ᠎ᠠ ᠶᠢᠨ ᠬᠤᠷᠢᠨ ᠭᠤᠷᠪᠠᠨ ᠳᠤ ᠲᠠᠶᠢᠵᠢ ᠢᠵᠠᠭᠤᠷᠲᠠᠨ᠂ ᠬᠤᠷᠢᠨ ᠳᠦᠷᠪᠡᠨ ᠳᠤ ᠡᠭᠡᠯ ᠠᠷᠠᠳ ᠭᠠᠯ ᠢᠶᠠᠨ ᠲᠠᠬᠢᠳᠠᠭ᠃ ᠮᠠᠯ ᠰᠦᠷᠦᠭ ᠬᠤᠲᠠᠯᠠᠵᠤ ᠣᠳᠣᠳ ᠲᠦᠭᠡᠭᠰᠡᠨ ᠤ ᠳᠠᠷᠠᠭ᠎ᠠ ᠭᠠᠯ ᠢᠶᠠᠨ ᠲᠠᠬᠢᠬᠤ ᠶᠣᠰᠣᠲᠠᠢ᠃ ᠭᠠᠯ ᠲᠠᠬᠢᠬᠤ ᠳᠠᠭᠠᠨ ᠡᠭᠦᠳᠡ ᠪᠣᠯᠣᠨ ᠬᠤᠶᠢᠮᠤᠷ ᠲᠠᠭᠠᠨ ᠰᠢᠷᠢᠮᠡᠯ ᠰᠢᠷᠲᠡᠭ ᠳᠡᠪᠢᠰᠴᠦ᠂ ᠨᠢᠭᠡ ᠭᠡᠷ ᠤᠨ ᠶᠡᠭᠡ ᠪᠠᠭ᠎ᠠ ᠭᠡᠰᠡᠨ ᠦᠭᠡᠢ ᠴᠡᠪᠡᠷ ᠰᠠᠶᠢᠬᠠᠨ ᠬᠤᠪᠴᠠᠰᠤ ᠪᠠᠨ ᠡᠮᠦᠰᠴᠦ᠂ ᠭᠡᠷ ᠤᠨ ᠡᠵᠡᠨ ᠤ ᠳᠠᠭᠠᠭᠤᠯᠭ᠎ᠠ ᠪᠠᠷ ᠬᠤᠨᠢᠨ ᠤ ᠡᠪᠴᠢᠭᠦᠦ ᠶᠢ ᠲᠡᠮᠡᠭᠡᠨ ᠤ ᠤᠩᠭᠤᠰᠤᠨ ᠤᠲᠠᠰᠤ ᠪᠠᠷ ᠣᠷᠢᠶᠠᠵᠤ᠂ ᠰᠡᠮᠡᠵᠡᠨ ᠳᠤᠨᠢ ᠪᠣᠭᠤᠵᠤ ᠭᠠᠯ ᠳᠡᠭᠡᠭᠦᠷ ᠢᠶᠠᠨ ︽ᠬᠤᠷᠤᠢ︕ ᠬᠤᠷᠤᠢ︕ ᠬᠤᠷᠤᠢ︕︾ ᠭᠡᠵᠦ ᠭᠤᠷᠪᠠ ᠵᠥᠪ ᠡᠷᠭᠢᠭᠦᠯᠦᠨ ᠭᠠᠯ ᠲᠤᠯᠭ᠎ᠠ ᠳᠠᠭᠠᠨ ᠡᠷᠭᠦᠵᠦ᠂ ᠳᠡᠭᠡᠷ᠎ᠡ ᠨᠢ ᠠᠷᠢᠬᠢ ᠰᠢᠷ᠎ᠠ ᠢᠳᠡᠭᠡ᠂ ᠳᠤᠷᠳᠤᠩ ᠲᠣᠷᠭᠠᠨ ᠭᠡᠵᠦ ᠭᠤᠷᠪᠠ ᠵᠥᠪ ᠡᠷᠭᠢᠭᠦᠯᠦᠨ ᠭᠠᠯ ᠲᠤᠯᠭ᠎ᠠ ᠳᠠᠭᠠᠨ ᠡᠷᠭᠦᠵᠦ ᠳᠡᠭᠡᠷ᠎ᠡ ᠨᠢ ᠠᠷᠢᠬᠢ᠂ ᠰᠢᠷ᠎ᠠ ᠲᠣᠰᠣ᠂ ᠴᠠᠭᠠᠨ ᠢᠳᠡᠭᠡ᠂ ᠳᠤᠷᠳᠤᠩ ᠲᠣᠷᠭᠠᠨ ᠥᠭᠡᠳᠡᠰᠦ᠂ ᠲᠠᠪᠤᠨ ᠲᠠᠷᠢᠶ᠎ᠠ ᠶᠢᠨ ᠦᠷ᠎ᠡ ᠠᠷᠴᠠ᠂ ᠽᠠᠨᠳᠠᠨ ᠵᠡᠷᠭᠡ ᠶᠢ ᠡᠷᠭᠦᠵᠦ᠂ ᠮᠠᠯ ᠤᠨ ᠪᠤᠶᠠᠨ᠂ ᠡᠳ᠋ ᠤᠨ ᠪᠤᠶᠠᠨ᠂ ᠡᠩᠬᠡ ᠶᠢᠨ ᠪᠤᠶᠠᠨ ᠢ ᠨᠢ ᠳᠠᠭᠠᠳᠬᠠᠵᠤ᠂ ᠥᠯᠵᠡᠢ ᠬᠡᠢ ᠮᠣᠷᠢ ᠡᠩᠬᠡ ᠲᠤᠩᠬ᠎ᠠ ᠪᠤᠶᠠᠨ ᠵᠢᠷᠭᠠᠯ ᠲᠠᠢ ᠶᠠᠪᠤᠬᠤ ᠶᠢ ᠨᠠᠮᠠᠨᠴᠢᠯᠠᠨ ᠭᠤᠷᠪᠠᠨᠲᠠ ᠮᠥᠷᠭᠦᠵᠦ᠂ ᠬᠥᠮᠥᠨ ᠪᠦᠬᠦᠨ ᠭᠠᠯ ᠳᠠᠭᠠᠨ ᠬᠤᠷᠢᠨ ᠬᠦᠵᠢ ᠠᠰᠠᠭᠠᠵᠤ ᠥᠪᠡᠷ ᠤᠨ ᠰᠦᠰᠦᠭ ᠪᠢᠰᠢᠷᠡᠯ ᠤᠨ ᠡᠭᠦᠳᠡᠨ ᠠᠴᠠ ᠭᠠᠯ ᠳᠠᠭᠠᠨ ᠡᠷᠭᠦᠴᠡ ᠡᠷᠭᠦᠳᠡᠭ ᠪᠠᠶᠢᠨ᠎ᠠ᠃ ᠭᠠᠯ ᠢᠶᠠᠨ ᠲᠠᠬᠢᠵᠤ ᠳᠠᠭᠤᠰᠤᠮᠠᠭᠴᠠ ᠭᠡᠷ ᠲᠡᠭᠡᠨ ᠭᠠᠯ ᠲᠠᠬᠢᠯᠭ᠎ᠠ ᠶᠢᠨ ᠴᠠᠢ ᠤᠤᠭᠤᠵᠤ᠂ ᠢᠳᠡᠭᠡ ᠪᠤᠳᠠᠭ᠎ᠠ ᠪᠦᠷᠢᠳᠬᠡᠵᠦ᠂ ᠠᠷᠢᠬᠢ ᠰᠠᠷᠬᠤᠳ ᠬᠡᠮᠨᠡᠵᠦ ᠨᠠᠶᠢᠷᠠᠯᠳᠤᠨ ᠰᠠᠭᠤᠳᠠᠭ᠃
ᠢᠷᠡᠯᠲᠡ᠄ ᠰᠥᠨᠢᠳ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ