ᠠᠷᠠᠳ ᠤᠨ ᠳᠡᠭᠡᠳᠦ ᠰᠢᠭᠦᠭᠦ ᠬᠤᠷᠢᠶ᠎ᠠ᠄ ᠡᠷᠡᠭᠦᠦ ᠶᠢᠨ ᠬᠠᠤᠯᠢ ᠶᠢᠨ ᠬᠤᠷᠢᠳᠤᠭᠠᠷ ᠵᠦᠢᠯ ᠪᠤᠳᠠᠲᠠᠶᠢᠵᠢᠪᠠ
ᠨᠡᠶᠢᠲᠡᠯᠡᠭᠰᠡᠨ ᠴᠠᠭ᠄
2024/3/21
      ᠡᠨᠡ ᠡᠳᠦᠷ ᠠᠷᠪᠠᠨ ᠳᠥᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠬᠤᠶᠠᠳᠤᠭᠠᠷ ᠬᠤᠷᠠᠯ ᠳᠡᠭᠡᠷ᠎ᠡ᠂ ᠠᠷᠠᠳ ᠤᠨ ᠳᠡᠭᠡᠳᠦ ᠰᠢᠭᠦᠭᠦ ᠬᠤᠷᠢᠶᠠᠨ ᠤ ᠳᠠᠷᠤᠭ᠎ᠠ ᠵᠠᠩ ᠵᠢᠶᠦ᠋ᠨ ᠠᠷᠠᠳ ᠤᠨ ᠳᠡᠭᠡᠳᠦ ᠰᠢᠭᠦᠭᠦ ᠬᠤᠷᠢᠶᠠᠨ ᠤ ᠠᠵᠢᠯ ᠤᠨ ᠮᠡᠳᠡᠭᠦᠯᠦᠯᠲᠡ ᠬᠢᠪᠡ᠃      ᠠᠷᠠᠳ ᠤᠨ ᠳᠡᠭᠡᠳᠦ ᠰᠢᠭᠦᠭᠦ ᠬᠤᠷᠢᠶᠠᠨ ᠤ ᠠᠵᠢᠯ ᠤᠨ ᠮᠡᠳᠡᠭᠦᠯᠦᠯᠲᠡ ᠳᠤ ᠢᠯᠡᠷᠡᠭᠦᠯᠦᠭᠰᠡᠨ ᠢᠶᠠᠷ᠂2021 ᠣᠨ ᠠᠴᠠ 2023 ᠣᠨ ᠪᠤᠯᠲᠠᠯ᠎ᠠ᠂ ᠠᠷᠠᠳ ᠤᠨ ᠰᠢᠭᠦᠭᠦ ᠬᠤᠷᠢᠶ᠎ᠠ 77 ᠵᠠᠭᠠᠯᠳᠤᠭᠳᠠᠭᠴᠢ ᠶᠢ ᠵᠦᠢ ᠶᠤᠰᠤᠨ ᠤ ᠥᠪᠡᠷ ᠤᠨ ᠬᠠᠮᠠᠭᠠᠯᠠᠯᠲᠠ ᠬᠢᠭᠰᠡᠨ ᠢᠶᠠᠷ ᠦᠵᠡᠵᠤ ᠶᠠᠯ᠎ᠠ ᠦᠭᠡᠢ ᠭᠡᠵᠤ ᠵᠠᠷᠯᠠᠪᠠ᠃ ᠮᠡᠳᠡᠭᠦᠯᠦᠯᠲᠡ ᠳᠤ ᠵᠢᠱᠢᠶᠡᠯᠡᠵᠤ ᠬᠡᠯᠡᠭᠰᠡᠨ ᠢᠶᠠᠷ᠂ ᠹᠦ᠋ ᠠᠪᠤᠭᠲᠤ ᠠᠷᠢᠬᠢ ᠤᠤᠭᠤᠭᠰᠠᠨ ᠤ ᠳᠠᠷᠠᠭ᠎ᠠ ᠰᠥᠨᠢ ᠪᠠᠷ ᠮᠠ ᠣᠪᠤᠭᠲᠤ ᠭᠡᠷ ᠲᠤ ᠬᠦᠷᠴᠦ ᠡᠭᠦᠳᠡ ᠪᠠᠯᠪᠠᠴᠢᠵᠤ᠂ ᠬᠦᠮᠦᠨ ᠠᠯᠠᠨ᠎ᠠ ᠭᠡᠵᠦ ᠪᠠᠷᠬᠢᠷᠠᠪᠠ᠃ ᠮᠠ ᠣᠪᠤᠭᠲᠤ ᠲᠡᠭᠦᠨ ᠳᠤ ᠪᠤᠷᠤᠭᠤ ᠬᠦᠮᠦᠨ ᠡᠷᠢᠵᠤ ᠪᠠᠶᠢᠬᠤ ᠶᠢ ᠬᠡᠯᠡᠵᠤ ᠥᠭᠭᠦᠭᠰᠡᠨ ᠪᠦᠭᠡᠳ ᠴᠠᠭᠳᠠᠭ᠎ᠠ ᠎ ᠳᠤ ᠮᠡᠳᠡᠭᠦᠯᠵᠡᠢ᠂ ᠹᠦ᠋ ᠣᠪᠤᠭᠲᠤ ᠣᠶᠢᠰᠢᠶᠠᠭᠰᠠᠨ ᠦᠭᠡᠢ ᠪᠦᠭᠡᠳ ᠴᠣᠩᠬᠤᠨ ᠰᠢᠯ ᠢ ᠨᠢ ᠬᠠᠭᠤᠯᠤᠭᠰᠠᠨ ᠳᠤ᠂ ᠮᠠ ᠣᠪᠤᠭᠲᠤ ᠬᠢᠲᠤᠭ᠎ᠠ ᠠᠳᠬᠤᠨ ᠭᠠᠳᠠᠭᠰᠢ ᠭᠠᠷᠴᠦ ᠬᠤᠷᠢᠭᠯᠠᠨ ᠵᠤᠭᠰᠤᠭᠠᠬᠤ ᠭᠡᠬᠦ ᠳᠤ᠂ ᠹᠦ᠋ ᠣᠪᠤᠭᠲᠤ ᠲᠡᠭᠦᠨ ᠲᠠᠢ ᠵᠤᠳᠤᠯᠳᠤᠵᠤ᠂ ᠮᠠ ᠣᠪᠤᠭᠲᠤ ᠶᠢᠨ ᠭᠠᠷ᠂ ᠨᠢᠷᠤᠭᠤ ᠨᠢ ᠰᠢᠷᠬᠠᠳᠤᠵᠤ᠂ ᠹᠦ᠋ ᠣᠪᠤᠭᠲᠤ ᠶᠢᠨ ᠪᠡᠶ᠎ᠡ ᠳᠡᠭᠡᠷ᠎ᠡ ᠴᠦ ᠣᠯᠠᠨ ᠭᠠᠵᠠᠷ ᠬᠢᠲᠤᠭᠠᠨ ᠳᠤ ᠰᠢᠷᠬᠠᠳᠤᠵᠤ᠂ ᠡᠴᠦᠰ ᠲᠡᠭᠡᠨ ᠴᠢᠰᠤ ᠶᠡᠭᠡ ᠤᠷᠤᠰᠤᠭᠰᠠᠨ ᠠᠴᠠ ᠠᠮᠢ ᠪᠠᠨ ᠠᠯᠳᠠᠵᠠᠢ᠃ ᠰᠢᠭᠦᠭᠦ ᠬᠤᠷᠢᠶᠠᠨ ᠠᠴᠠ ᠮᠠ ᠤᠪᠤᠭᠲᠤ ᠶᠢ ᠵᠦᠢ ᠶᠤᠰᠤᠨ ᠤ ᠥᠪᠡᠷ ᠤᠨ ᠬᠠᠮᠠᠭᠠᠯᠠᠯᠲᠠ ᠬᠢᠭᠰᠡᠨ ᠭᠡᠵᠤ ᠶᠠᠯ᠎ᠠ ᠦᠭᠡᠢ ᠪᠠᠷ ᠵᠠᠷᠯᠠᠨ ᠨᠡᠶᠢᠲᠡᠯᠡᠪᠡ᠃      ᠠᠵᠢᠯ ᠤᠨ ᠮᠡᠳᠡᠭᠦᠯᠦᠯᠲᠡ ᠳᠤ᠄ ︽ᠬᠠᠤᠯᠢ ᠴᠠᠭᠠᠵᠠ ᠨᠢ ᠬᠠᠤᠯᠢ ᠪᠤᠰᠤ ᠪᠠᠶᠢᠳᠠᠯ ᠳᠤ ᠨᠠᠶᠢᠷ ᠳᠠᠯᠪᠢᠬᠤ ᠦᠭᠡᠢ︾ ᠭᠡᠳᠡᠭ ᠨᠢ ᠤᠷᠢᠶ᠎ᠠ ᠪᠢᠰᠢ᠂︽ᠬᠤᠷᠢᠳᠤᠭᠠᠷ ᠵᠦᠢᠯ︾ ᠳᠠᠬᠢᠨᠲᠠ ᠠᠮᠢᠵᠢᠷᠠᠯ ᠤᠨ ᠬᠦᠴᠦᠨ ᠲᠠᠢ ᠪᠤᠯᠤᠭᠰᠠᠨ ᠪᠤᠯᠬᠤᠷ ᠪᠠᠰᠠ ᠦᠷᠭᠦᠯᠵᠢᠯᠡᠨ ᠪᠤᠳᠠᠲᠠᠢ ᠪᠠᠷ ᠨᠠᠶᠢᠳᠠᠪᠤᠷᠢᠵᠢᠭᠤᠯᠬᠤ ᠬᠡᠷᠡᠭᠲᠡᠢ ᠭᠡᠵᠤ ᠳᠤᠷᠠᠳᠤᠨ ᠭᠠᠷᠭᠠᠪᠠ᠃ 
ᠢᠷᠡᠯᠲᠡ᠄ ᠥᠪᠥᠷ ᠮᠤᠩᠭᠤᠯ ᠤᠨ ᠡᠳᠦᠷ ᠤᠨ ᠰᠤᠨᠢᠨ ᠤ ᠮᠤᠩᠭᠤᠯ ᠸᠢᠴᠠᠲ ᠳᠠᠪᠴᠠᠩ