ᠴᠡᠴᠡᠭ ᠤᠨ ᠲᠤᠭᠤᠰᠤ ᠶᠢ ᠬᠡᠷᠬᠢᠨ ᠰᠡᠷᠭᠡᠶᠢᠯᠡᠬᠦ ᠪᠤᠢ︖
ᠨᠡᠶᠢᠲᠡᠯᠡᠭᠰᠡᠨ ᠴᠠᠭ᠄
2024/3/21
      ᠮᠠᠨ ᠤ ᠤᠯᠤᠰ ᠲᠤ ᠴᠡᠴᠡᠭ ᠤᠨ ᠲᠤᠭᠤᠰᠤᠨ ᠳᠤ ᠬᠠᠷᠰᠢᠬᠤ ᠬᠦᠮᠦᠰ ᠶᠠᠪᠤᠬᠤ ᠲᠤᠰᠤᠮ ᠤᠯᠠᠰᠢᠷᠠᠵᠤ᠂ 4 ᠰᠠᠷ᠎ᠠ ᠲᠠᠢ ᠨᠢᠯᠬ᠎ᠠ ᠬᠡᠦᠬᠡᠳ ᠠᠴᠠ ᠠᠪᠤᠭᠠᠳ 60 ᠨᠠᠰᠤᠨ ᠠᠴᠠ ᠳᠡᠭᠡᠭᠰᠢᠬᠢ ᠨᠠᠰᠤᠲᠠᠨ ᠬᠦᠷᠲᠡᠯ᠎ᠡ ᠪᠦᠷ ᠴᠡᠴᠡᠭ ᠤᠨ ᠲᠤᠭᠤᠰᠤᠨ ᠳᠤ ᠬᠠᠷᠰᠢᠬᠤ ᠪᠠᠶᠢᠳᠠᠯ ᠢᠯᠡᠷᠡᠵᠤ ᠪᠠᠶᠢᠨ᠎ᠠ᠃ ᠲᠡᠭᠡᠪᠡᠯ᠂ ᠴᠡᠴᠡᠭ  ᠤᠨ ᠲᠤᠭᠤᠰᠤ ᠶᠢ ᠬᠡᠷᠬᠢᠨ ᠰᠡᠷᠭᠡᠶᠢᠯᠡᠪᠡᠯ ᠵᠤᠬᠢᠬᠤ ᠪᠤᠢ︖ ᠡᠨᠡ ᠲᠤᠬᠠᠢ ᠪᠡᠭᠡᠵᠢᠩ ᠬᠤᠲᠠ ᠶᠢᠨ ᠡᠪᠡᠳᠴᠢᠨ ᠬᠢᠵᠢᠭ ᠢ ᠰᠡᠷᠭᠡᠶᠢᠯᠡᠨ ᠳᠠᠷᠤᠬᠤ ᠲᠥᠪ ᠤᠨ ᠬᠢᠨ ᠬᠠᠮᠢᠶᠠᠲᠠᠢ ᠮᠡᠳᠡᠭᠡ ᠨᠡᠶᠢᠲᠡᠯᠡᠵᠤ ᠣᠯᠠᠨ ᠳᠤ ᠰᠠᠨᠠᠭᠤᠯᠤᠭᠰᠠᠨ ᠪᠠᠶᠢᠨ᠎ᠠ᠃ ᠲᠤᠬᠠᠶᠢᠯᠠᠪᠠᠯ᠂      ᠨᠢᠭᠡ ᠳᠤ᠂ ᠬᠤᠸᠠᠷ ᠴᠡᠴᠡᠭ ᠲᠠᠢ ᠰᠢᠭᠤᠳ ᠣᠶᠢᠷᠠᠲᠤᠬᠤ ᠦᠭᠡᠢ᠃ ᠭᠠᠳᠠᠭᠰᠢ ᠭᠠᠷᠬᠤ ᠪᠠᠨ ᠴᠥᠭᠡᠳᠬᠡᠵᠤ᠂ ᠣᠨᠴᠠᠭᠠᠶᠢᠯᠠᠨ ᠴᠡᠴᠡᠭ ᠤᠨ ᠲᠤᠭᠤᠰᠤ ᠶᠡᠬᠡᠲᠡᠢ ᠦᠶᠡᠰ᠂ ᠡᠭᠦᠳᠡ ᠴᠣᠩᠬᠤ ᠪᠠᠨ ᠪᠢᠲᠡᠭᠦᠮᠵᠢᠯᠡᠵᠤ᠂ ᠴᠢᠳᠠᠪᠠᠯ ᠭᠡᠷ ᠳᠤᠲᠤᠷ᠎ᠠ ᠪᠠᠨ ᠠᠭᠠᠷ ᠴᠡᠪᠡᠷᠰᠢᠭᠦᠯᠬᠦ ᠮᠠᠰᠢᠨ ᠢ ᠬᠡᠷᠡᠭᠯᠡᠬᠦ ᠬᠡᠷᠡᠭᠲᠡᠢ᠃      ᠬᠤᠶᠠᠷ ᠲᠤ᠂ ᠭᠠᠳᠠᠭᠰᠢ ᠭᠠᠷᠪᠠᠯ ᠰᠡᠷᠭᠡᠶᠢᠯᠡᠯᠲᠡ ᠪᠠᠨ ᠰᠠᠶᠢᠨ ᠬᠢᠬᠦ ᠬᠡᠷᠡᠭᠲᠡᠢ᠃ ᠭᠠᠳᠠᠭᠰᠢ ᠭᠠᠷᠬᠤ ᠳᠠᠭᠠᠨ ᠤᠷᠲᠤ ᠬᠠᠨᠴᠤᠢ ᠲᠠᠢ ᠬᠤᠪᠴᠠᠰᠤ ᠡᠮᠦᠰᠴᠦ᠂ ᠠᠮᠠᠪᠴᠢ᠂ ᠨᠢᠳᠦᠨ ᠰᠢᠯ ᠵᠡᠭᠦᠵᠤ᠂ ᠮᠠᠰᠢᠨ ᠵᠢᠯᠥᠭᠤᠳᠬᠤ ᠳᠠᠭᠠᠨ ᠴᠤᠩᠬᠤ ᠶᠢ ᠨᠢ ᠴᠢᠩᠭ᠎ᠠ ᠬᠠᠭᠠᠬᠤ ᠬᠡᠷᠡᠭᠲᠡᠢ᠃ ᠭᠡᠷ ᠲᠡᠭᠡᠨ ᠬᠠᠷᠢᠭᠰᠠᠨ ᠤ ᠳᠠᠷᠠᠭ᠎ᠠ ᠭᠠᠳᠠᠷ ᠬᠤᠪᠴᠠᠰᠤ ᠪᠠᠨ ᠳᠠᠷᠤᠶᠢᠬᠠᠨ ᠰᠣᠯᠢᠵᠤ᠂ ᠨᠢᠭᠤᠷ ᠢᠶᠠᠨ ᠤᠬᠢᠶᠠᠵᠤ᠂ ᠠᠮᠠ ᠬᠠᠮᠠᠷ ᠢᠶᠠᠨ ᠵᠠᠶᠢᠯᠠᠬᠤ ᠬᠡᠷᠡᠭᠲᠡᠢ᠃      ᠭᠤᠷᠪᠠ ᠳᠤ᠂ ᠳᠠᠷᠬᠠᠯᠠᠭ᠎ᠠ ᠪᠠᠨ ᠰᠠᠶᠢᠵᠢᠷᠠᠭᠤᠯᠬᠤ ᠬᠡᠷᠡᠭᠲᠡᠢ᠃ ᠡᠭᠦᠨ ᠳᠤ ᠰᠠᠶᠢᠨ ᠤᠨᠲᠠᠵᠤ ᠠᠮᠠᠷᠠᠨ᠂ ᠢᠳᠡᠭᠡᠨ ᠤᠮᠳᠠᠭᠠᠨ ᠢᠶᠠᠨ ᠵᠤᠬᠢᠴᠠᠭᠤᠯᠵᠤ᠂ ᠰᠢᠨ᠎ᠡ ᠰᠤᠷᠭᠤᠭ ᠨᠤᠭᠤᠭ᠎ᠠ ᠵᠢᠮᠢᠰ ᠢᠯᠡᠭᠦᠬᠡᠨ ᠢᠳᠡᠵᠤ᠂ ᠲᠤᠭᠲᠠᠭᠰᠠᠨ ᠬᠤᠭᠤᠴᠠᠭᠠᠨ ᠳᠤ ᠪᠡᠶ᠎ᠡ ᠪᠠᠨ ᠪᠤᠯᠪᠠᠰᠤᠷᠠᠭᠤᠯᠬᠤ ᠬᠡᠷᠡᠭᠲᠡᠢ᠃      ᠳᠥᠷᠪᠡ ᠳᠤ᠂ ᠬᠠᠷᠰᠢᠬᠤ ᠪᠠᠶᠢᠳᠠᠯ ᠬᠦᠨᠳᠦᠷᠡᠪᠡᠯ ᠳᠠᠷᠤᠶᠢᠬᠠᠨ ᠡᠮᠴᠢᠯᠡᠬᠦᠯᠬᠦ ᠬᠡᠷᠡᠭᠲᠡᠢ᠃ ᠠᠮᠠᠷᠬᠠᠨ ᠬᠠᠷᠰᠢᠳᠠᠭ ᠪᠠ ᠠᠭᠰᠠᠭ᠎ᠠ ᠡᠪᠡᠳᠴᠢᠨ ᠲᠠᠢ ᠬᠦᠮᠦᠰ ᠬᠤᠪᠴᠠᠰᠤ ᠬᠤᠨᠠᠷ ᠢᠶᠠᠨ ᠳᠤᠬᠢᠷᠠᠭᠤᠯᠵᠤ᠂ ᠵᠢᠩᠬᠢᠨᠡᠵᠤ ᠳᠠᠭᠠᠷᠠᠭᠠᠳ ᠬᠢᠮᠤᠷᠠᠭ᠎ᠠ ᠲᠠᠭᠰᠢᠭᠤᠷ ᠣᠯᠬᠤ ᠠᠴᠠ ᠪᠤᠯᠭᠤᠮᠵᠢᠯᠠᠬᠤ ᠬᠡᠷᠡᠭᠲᠡᠢ᠃ ᠬᠠᠷᠰᠢᠬᠤ ᠪᠠᠶᠢᠳᠠᠯ ᠬᠦᠨᠳᠦᠷᠡᠪᠡᠯ ᠳᠠᠷᠤᠶᠢᠬᠠᠨ ᠡᠮᠴᠢᠯᠡᠬᠦᠯᠬᠦ ᠬᠡᠷᠡᠭᠲᠡᠢ᠃
微信图片_20240321103242.jpg 
微信图片_20240321103256.jpg
ᠢᠷᠡᠯᠲᠡ᠄ ᠲᠥᠪ ᠤᠨ ᠷᠠᠳᠢᠤ᠋ ᠲᠧᠯᠸᠢᠰ ᠤᠨ ᠮᠤᠩᠭᠤᠯ ᠸᠢᠴᠠᠲ ᠳᠠᠪᠴᠠᠩ