ᠠᠷᠢᠬᠢ ᠤᠤᠭᠤᠬᠤ ᠨᠢ ᠨᠡᠶᠢᠭᠡᠮ ᠤᠨ ᠬᠠᠷᠢᠯᠴᠠᠭᠠᠨ ᠤ ᠴᠢᠬᠤᠯᠠ ᠨᠢᠭᠡᠨ ᠬᠡᠯᠪᠡᠷᠢ ᠪᠣᠯᠬᠤ ᠶᠤᠮ᠃ ᠭᠡᠪᠡᠴᠦ ᠬᠡᠲᠦᠷᠡᠲᠡᠯ᠎ᠡ ᠨᠢ ᠤᠤᠭᠤᠬᠤ ᠨᠢ ᠪᠡᠶᠡᠨ ᠳᠤ | ᠬᠤᠣᠷᠲᠠᠢ᠃ ᠲᠡᠭᠡᠪᠡᠯ ᠠᠷᠢᠬᠢ ᠤᠤᠭᠤᠬᠤ ᠠᠴᠠ ᠡᠮᠦᠨ᠎ᠡ ᠶᠠᠮᠠᠷ ᠬᠠᠮᠠᠭᠠᠯᠠᠯᠲᠠ ᠬᠢᠬᠦ ᠡᠰᠡ ᠪᠡᠯ ᠠᠷᠢᠬᠢ ᠤᠤᠭᠤᠭᠰᠠᠨ ᠤ ᠳᠠᠷᠠᠭ᠎ᠠ ᠶᠠᠭᠠᠬᠢᠵᠤ ᠰᠣᠪᠢᠯᠠᠬᠤ ᠲᠤᠬᠠᠢ | ᠲᠠᠨᠢᠯᠴᠠᠭᠤᠯᠤᠶ᠎ᠠ᠃ | 1. ᠤᠰᠤ ᠤᠤᠭᠤᠬᠤ᠃ ᠠᠷᠢᠬᠢ ᠤᠤᠭᠤᠬᠤ ᠠᠴᠠ ᠡᠮᠦᠨ᠎ᠡ ᠨᠢᠭᠡ ᠴᠣᠮᠣ ᠤᠰᠤ ᠤᠤᠭᠤᠪᠠᠯ ᠵᠣᠬᠢᠬᠤ ᠬᠡᠵᠢᠶ᠎ᠡ ᠪᠠᠷ ᠠᠷᠢᠬᠢᠨ ᠤ ᠰᠫᠢᠷᠲ ᠢ ᠰᠡᠷᠭᠡᠶᠢᠯᠡᠬᠦ | ᠦᠢᠯᠡᠳᠦᠯ ᠲᠠᠢ᠃ ᠬᠦᠮᠦᠨ ᠤ ᠪᠡᠶᠡᠨ ᠳᠤ ᠤᠰᠤ ᠲᠤᠲᠠᠪᠠᠯ ᠡᠯᠢᠭᠡᠨ ᠳᠤ ᠨᠦᠯᠦᠭᠡ ᠪᠣᠯᠵᠤ᠂ ᠡᠯᠢᠭᠡᠨ ᠤ ᠠᠷᠢᠬᠢᠨ ᠰᠫᠢᠷᠲ ᠢ ᠰᠢᠩᠭᠡᠭᠡᠬᠦ ᠴᠢᠳᠠᠪᠤᠷᠢ ᠶᠢ | ᠪᠠᠭᠤᠷᠠᠭᠤᠯᠬᠤ ᠪᠣᠯᠣᠨ᠎ᠠ᠃ ᠡᠶᠢᠮᠦ ᠠᠴᠠ ᠴᠠᠭ ᠲᠤᠬᠠᠢ ᠳᠤ ᠨᠢ ᠤᠰᠤ ᠤᠤᠭᠤᠪᠠᠯ ᠤᠰᠤ ᠨᠦᠬᠦᠪᠦᠷᠢᠯᠡᠵᠦ ᠪᠡᠶᠡᠨ ᠳᠤ ᠬᠢ ᠰᠫᠢᠷᠲ ᠤᠨ ᠬᠡᠮᠵᠢᠶ᠎ᠡ ᠶᠢ ᠪᠠᠭᠠᠰᠬᠠᠵᠤ | ᠴᠢᠳᠠᠨ᠎ᠠ᠃ | 2. ᠠᠶᠢᠷᠠᠭ ᠤᠤᠭᠤᠬᠤ᠃ ᠠᠶᠢᠷᠠᠭ ᠵᠡᠷᠭᠡ ᠰᠦ ᠶᠢᠨ ᠪᠦᠲᠦᠭᠡᠭᠳᠡᠭᠦᠨ ᠬᠤᠳᠤᠭᠠᠳᠤ ᠶᠢᠨ ᠠᠷᠢᠬᠢᠨ ᠰᠫᠢᠷᠲ ᠰᠢᠩᠭᠡᠭᠡᠬᠦ ᠶᠢ ᠪᠠᠭᠠᠰᠬᠠᠵᠤ᠂ ᠬᠤᠣᠷᠲᠤ | ᠪᠣᠳᠠᠰ ᠤᠨ ᠪᠡᠶᠡᠨ ᠳᠤ ᠥᠭᠬᠦ ᠨᠦᠯᠦᠭᠡ ᠶᠢ ᠪᠠᠭᠠᠰᠬᠠᠵᠤ ᠴᠢᠳᠠᠬᠤ ᠪᠠᠷ ᠪᠠᠷᠠᠬᠤ ᠦᠭᠡᠢ ᠵᠣᠬᠢᠬᠤ ᠬᠡᠮᠵᠢᠶ᠎ᠡ ᠪᠠᠷ ᠰᠣᠭᠲᠣᠬᠤ ᠶᠢ ᠰᠡᠷᠭᠡᠶᠢᠯᠡᠬᠦ ᠶᠤᠮ᠃ | 3. ᠪᠣᠣᠪᠤ ᠢᠳᠡᠬᠦ᠃ ᠪᠣᠣᠪᠤ ᠢᠳᠡᠪᠡᠯ ᠠᠷᠢᠬᠢᠨ ᠰᠫᠢᠷᠲ ᠤᠨ ᠬᠤᠳᠣᠭᠤᠳᠤᠨ ᠳᠤ ᠰᠢᠩᠭᠡᠬᠦ ᠶᠢ ᠰᠡᠷᠭᠡᠶᠢᠯᠡᠨ᠎ᠡ᠃ ᠲᠣᠲᠤᠷᠭ᠎ᠠ᠂ ᠮᠢᠶᠠᠨᠪᠤᠤ ᠵᠡᠷᠭᠡ ᠢᠳᠡᠭᠡᠨ | ᠴᠦ ᠪᠣᠯᠤᠨ᠎ᠠ᠃ ᠡᠳᠡᠭᠡᠷ ᠢᠳᠡᠭᠡᠨ ᠳᠤ ᠸᠢᠲ᠋ᠠᠮᠢᠨ B ᠠᠭᠤᠯᠤᠭᠳᠠᠬᠤ ᠤᠴᠢᠷ ᠠᠴᠠ ᠡᠯᠢᠭᠡᠨ ᠤ ᠠᠷᠢᠬᠢ ᠰᠢᠩᠭᠡᠭᠡᠬᠦ ᠳᠤ ᠵᠣᠬᠢᠬᠤ ᠦᠢᠯᠡᠳᠦᠯ ᠦᠵᠡᠭᠦᠯᠦᠨ᠎ᠡ᠃ | 4. ᠪᠠᠯ ᠲᠠᠢ ᠤᠰᠤ ᠤᠤᠭᠤᠬᠤ᠃ ᠠᠷᠢᠬᠢᠨ ᠤ ᠳᠠᠷᠠᠭ᠎ᠠ ᠪᠠᠯ ᠲᠠᠢ ᠤᠰᠤ ᠤᠤᠭᠤᠪᠠᠯ ᠲᠣᠯᠣᠭᠠᠢ ᠡᠪᠡᠳᠬᠦ ᠶᠢ ᠨᠠᠮᠳᠠᠭᠠᠬᠤ ᠦᠢᠯᠡᠳᠦᠯ ᠲᠠᠢ᠃ | 5. ᠲᠥᠪᠡᠳ ᠬᠠᠰᠢ ᠶᠢᠨ ᠰᠢᠭᠦᠰᠦ ᠤᠤᠭᠤᠬᠤ᠃ ᠠᠷᠢᠬᠢᠨ ᠤ ᠳᠠᠷᠠᠭ᠎ᠠ ᠲᠥᠪᠡᠳ ᠬᠠᠰᠢ ᠶᠢᠨ ᠰᠢᠭᠦᠰᠦ ᠤᠤᠭᠤᠪᠠᠯ ᠲᠣᠯᠣᠭᠠᠢ ᠡᠷᠭᠢᠬᠦ ᠶᠢ ᠵᠣᠭᠰᠤᠭᠠᠬᠤ | ᠦᠢᠯᠡᠳᠦᠯ ᠲᠠᠢ᠃ | 6. ᠰᠣᠷᠭᠤᠭ ᠦᠵᠦᠮ ᠢᠳᠡᠬᠦ᠃ ᠠᠷᠢᠬᠢᠨ ᠤ ᠳᠠᠷᠠᠭ᠎ᠠ ᠰᠣᠷᠭᠤᠭ ᠦᠵᠦᠮ ᠢᠳᠡᠪᠡᠯ ᠪᠦᠭᠡᠯᠵᠢᠬᠦ᠂ ᠬᠤᠳᠤᠭᠠᠳᠤ ᠡᠪ ᠦᠭᠡᠶᠢᠷᠡᠬᠦ ᠶᠢ ᠨᠠᠮᠳᠠᠭᠠᠨ᠎ᠠ᠃ | 7. ᠲᠠᠷᠪᠤᠰ ᠤᠨ ᠰᠢᠭᠦᠰᠦ ᠤᠤᠭᠤᠬᠤ᠃ ᠠᠷᠢᠬᠢᠨ ᠤ ᠳᠠᠷᠠᠭ᠎ᠠ ᠲᠠᠷᠪᠤᠰ ᠤᠨ ᠰᠢᠭᠦᠰᠦ ᠤᠤᠭᠤᠪᠠᠯ ᠪᠦᠬᠦ ᠪᠡᠶ᠎ᠡ ᠬᠠᠯᠠᠬᠤ ᠶᠢ ᠵᠠᠰᠠᠬᠤ ᠦᠢᠯᠡᠳᠦᠯ ᠲᠠᠢ᠃ | |