ᠡᠷᠳᠡᠨ ᠤ ᠪᠠᠶᠢᠭᠠᠯᠢ ᠮᠡᠳᠦ ᠬᠠᠭᠤᠴᠢᠨ ᠨᠤᠮ ᠤᠳ
ᠨᠡᠶᠢᠲᠡᠯᠡᠭᠰᠡᠨ ᠴᠠᠭ᠄
2024/3/25
     ᠴᠠᠭ ᠬᠤᠭᠤᠴᠠᠭ᠎ᠠ ᠤᠷᠤᠰᠤᠨ ᠤᠳᠬᠤ ᠶᠢᠨ ᠵᠠᠭᠤᠷ᠎ᠠ ᠬᠦᠮᠦᠰ ᠲᠡᠪᠡᠯ ᠢᠶᠠᠨ ᠰᠤᠯᠢᠬᠤ ᠰᠢᠭ ᠶᠢᠷᠳᠢᠨᠴᠤ ᠶᠠᠮᠠᠷ ᠶᠡᠭᠡ ᠬᠤᠪᠢᠷᠠᠵᠦ ᠪᠢᠯᠡ᠃ ᠨᠢᠬᠡ ᠮᠡᠳᠡᠬᠦ ᠳᠤ ᠮᠠᠨᠤᠰ ᠤᠨ ᠲᠤᠷᠠᠯᠠᠨ ᠤᠡᠭᠰᠢᠵᠦ ᠪᠠᠶᠢᠭᠰᠠᠨ ᠨᠤᠮ ᠬᠦᠷᠳᠡᠯ᠎ᠠ ᠬᠠᠭᠤᠴᠢᠨ ᠰᠤᠳᠤᠷ ᠤᠨ ᠵᠢᠭᠰᠠᠭᠠᠯ ᠳᠤ ᠤᠷᠤᠵᠦ ᠦᠨ᠎ᠠ ᠬᠠᠨᠭ᠍ᠰᠢ ᠨᠢ ᠬᠡᠴᠢᠨᠡᠬᠡᠨ ᠲᠠᠬᠢᠨ ᠦᠰᠬᠦ ᠶᠢ ᠬᠠᠷᠠᠬᠤ ᠳᠤ ᠬᠦᠮᠦᠨ ᠦᠰᠬᠦ ᠪᠢᠰᠢ ᠤᠯᠠᠮ ᠪᠠᠭᠤᠷᠠᠭᠠᠳ ᠪᠤᠳᠠᠰ ᠤᠨ ᠬᠢᠵᠠᠭᠠᠷ ᠦᠬᠡᠢ ᠦᠰᠬᠦ ᠦᠨ᠎ᠠ ᠯᠠ ᠪᠦᠬᠦ ᠶᠠᠭᠤᠮ᠎ᠠ ᠶᠢ ᠴᠠᠰᠤᠨ ᠯᠠᠪᠰᠠ ᠰᠢᠭ ᠲᠠᠷᠤᠵᠦ ᠤᠷᠬᠢᠬᠤ ᠠᠵᠢ᠃     ᠮᠠᠨᠤᠰ ᠤᠨ ᠵᠢᠭᠠᠬᠠᠨ ᠪᠠᠶᠢᠬᠤ ᠳᠤ ᠤᠡᠭᠰᠢᠵᠦ ᠪᠠᠶᠢᠭᠰᠠᠨ ︽ᠮᠦᠡᠭᠬᠦᠨ ᠬᠤᠢ ᠲᠠᠢ ᠬᠢᠳᠤᠭ᠎ᠠ︾᠂ ︽ᠲᠠᠯ᠎ᠠ ᠨᠤᠲᠤᠭ ᠤᠨ ᠬᠢᠯᠢᠩ ᠤᠨ ᠭᠠᠯ︾᠂ ︽ᠤᠷᠠᠳ ᠬᠦᠦ︾᠂ ᠵᠠᠯᠠᠭᠤᠬᠠᠨ ᠨᠠᠰᠤᠨ ᠳᠤ ᠠᠮᠳᠠᠯᠠᠨ ᠵᠢᠷᠭᠠᠭᠰᠠᠨ ︽ᠵᠠᠰᠠᠭ ᠤᠨ ᠬᠤᠳᠤᠭᠤᠷ︾ ︵1991 ᠤᠨ ᠤ ᠬᠡᠪᠯᠡᠯ︶᠂ ︽ᠦᠷ ᠤᠨ ᠴᠤᠯᠮᠤᠨ︾᠂ ︽ᠤᠯᠠᠭᠠᠨ ᠬᠠᠳᠠ︾ ︵ᠲᠡᠭᠡᠳᠦ ᠲᠤᠤᠷᠠᠳᠦ︶᠂ ︽ᠲᠦᠯᠬᠢᠨ ᠳ᠋ᠤᠨ︾᠂ ︽ᠪᠠᠯᠭᠠᠨᠰᠠᠩ ᠤᠨ ᠦᠯᠢᠬᠡᠷ︾᠂ ︽ᠤᠷᠳᠤᠰ ᠠᠷᠠᠳ ᠤᠨ ᠠᠮᠠᠨ ᠦᠯᠢᠬᠡᠷ︾ ︵ᠲᠡᠭᠡᠳᠦ ᠲᠤᠤᠷᠠᠳᠦ︶᠂ ︽ᠬᠤᠶᠠᠳᠠᠬᠢ ᠠᠭᠤᠯᠵᠠᠯᠳᠡ︾᠂ ︽ᠤᠨᠴᠠᠭᠠᠢ ᠡᠷᠬᠡ︾ ᠵᠡᠷᠬᠡ ᠨᠤᠮ ᠤᠳ ᠮᠠᠨᠢ ᠦᠨᠦᠳᠦᠷ ᠲᠡᠭᠷᠢ ᠶᠢᠨ ᠬᠠᠶᠠᠭᠠᠨ ᠤ ᠦᠨ᠎ᠠ ᠲᠠᠭᠤᠳᠠᠭᠤᠯᠤᠭᠠᠳ ᠶᠠᠪᠤᠬᠤ ᠳᠤ ᠨᠢᠬᠡ ᠪᠤᠳᠤᠪᠠᠯ ᠦᠨᠡᠨ ᠬᠦ ᠪᠠᠶᠠᠷᠯᠠᠮᠠᠷ᠂ ᠡᠰᠡᠬᠦᠯ᠎ᠠ ᠬᠡᠨ ᠨᠢᠬᠡ ᠳᠤ ᠰᠦᠷ ᠭᠤᠮᠤᠳᠠᠮᠠᠷ ᠰᠠᠨᠠᠭᠳᠠᠳᠠᠭ ᠪᠢᠯᠡ᠃     ᠪᠢ ᠠᠷᠪᠠᠨ ᠲᠤᠯᠤᠭ᠎ᠠ ᠨᠠᠢᠮᠨ ᠲᠠᠢ ᠪᠠᠶᠢᠬᠤ ᠳᠠᠭᠠᠨ ᠨᠠᠯᠢᠶᠡᠳ ᠬᠤᠪᠤᠷᠬᠠᠨ ᠨᠤᠮ ᠤᠨ ᠦᠪ ᠲᠠᠢ ᠪᠠᠶᠢᠭᠰᠠᠨ᠃ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠳᠤ ᠰᠤᠷᠴᠦ ᠪᠠᠶᠢᠬᠤ ᠳᠠᠭᠠᠨ ᠬᠤᠰᠢᠭᠤᠨ ᠤ ᠰᠢᠨᠬᠤᠸᠠ ᠨᠤᠮ ᠤᠨ ᠲᠡᠯᠬᠡᠬᠦᠷ ᠠᠴᠠ ᠠᠪᠤᠭᠰᠠᠨ ︽ᠮᠦᠡᠭᠬᠦᠨ ᠬᠤᠢ ᠲᠠᠢ ᠬᠢᠳᠤᠭ᠎ᠠ︾ ᠪᠤᠯ ᠮᠢᠨᠦ ᠬᠠᠮᠤᠭ ᠤᠨ ᠠᠩᠬᠠᠨ ᠤ ᠨᠤᠮ ᠤᠨ ᠴᠤᠭᠯᠠᠭᠤᠯᠭ᠎ᠠ ᠶᠤᠮ ᠰᠠᠨ᠃ ᠲᠡᠬᠦᠨ ᠠᠴᠠ ᠬᠤᠶᠢᠰᠢ ᠡᠵᠢ ᠪᠤᠯᠤᠨ ᠠᠬ᠎ᠠ ᠡᠬᠡᠴᠢ ᠶᠢᠨ ᠦᠭᠬᠦᠭᠰᠡᠨ ᠵᠠᠶᠢᠷ ᠮᠦᠡᠭᠬᠦ ᠨᠦᠭᠦᠳ ᠢ ᠨᠠᠨᠳᠢᠩᠨᠡᠨ ᠬᠠᠳᠠᠭᠠᠯᠠᠭᠰᠠᠭᠠᠷ ᠪᠠᠶᠢᠵᠦ ᠪᠢᠮᠪᠠ ᠭᠠᠷᠠᠭ ᠬᠦᠷᠴᠦ ᠢᠷᠡᠬᠦ ᠪᠤᠯᠭᠠᠨ ᠨᠤᠮ ᠤᠨ ᠲᠡᠯᠬᠡᠬᠦᠷ ᠤᠷᠤᠭᠤ ᠬᠦᠶᠦᠳᠡᠭ ᠪᠠᠶᠢᠭᠰᠠᠨ ᠶᠤᠮ᠃     ᠰᠡᠭᠦᠯᠡᠷ ᠨᠢ ᠪᠢ ᠰᠤᠷᠤᠯᠭ᠎ᠠ ᠪᠠᠨ ᠲᠠᠰᠤᠯᠵᠦ ᠬᠦᠳᠡᠭᠡ ᠳᠡᠭᠡᠨ ᠬᠠᠷᠢᠵᠦ ᠢᠷᠡᠬᠡᠳ ᠤᠯᠠᠮ ᠴᠢᠯᠦᠬᠡᠳᠡᠢ ᠨᠤᠮ ᠤᠨ ᠲᠠᠯᠠᠢ ᠳᠤ ᠤᠮᠪᠠᠵᠦ ᠡᠬᠢᠯᠡᠭᠰᠡᠨ ᠪᠠᠶᠢᠯ᠎ᠠ᠃ ᠡᠳᠤᠷᠵᠢᠨ ᠮᠠᠯ ᠠᠳᠤᠭᠤᠯᠵᠦ ᠶᠠᠪᠤᠬᠤ ᠳᠠᠭᠠᠨ ᠵᠢᠭᠠᠬᠠᠨ ᠨᠤᠭᠤᠭᠠᠨ ᠴᠦᠡᠭᠬᠦᠨ ᠳᠡᠭᠡᠨ ᠨᠤᠮ ᠰᠡᠳᠬᠦᠯ ᠡᠬᠦᠷᠦᠬᠡᠳ ᠶᠠᠪᠤᠳᠠᠭ ᠪᠠᠶᠢᠭᠰᠠᠨ᠃ ᠨᠤᠮ ᠲᠠᠢ ᠪᠠᠨ ᠬᠠᠨᠢᠰᠤᠭᠠᠳ ᠶᠠᠪᠤᠭᠰᠠᠨ ᠬᠤᠶᠢᠨ᠎ᠠ ᠦᠯᠦᠰᠴᠦ ᠴᠠᠩᠭᠠᠨ᠎ᠠ ᠬᠡᠰᠡᠨ ᠦᠢᠯᠡ ᠦᠬᠡᠢ ᠨᠠᠷᠨ ᠪᠠᠰᠠ ᠬᠤᠷᠳᠤᠨ ᠵᠢᠷᠭᠠᠳᠠᠭ ᠰᠠᠨ᠃ ᠲᠡᠭᠡᠬᠡᠳ ᠦᠳᠡᠰᠢ ᠪᠤᠯᠬᠤ ᠳᠤ ᠮᠢᠨᠦ ᠬᠤᠨᠭ᠍ᠭᠤᠷᠬᠠᠨ ᠵᠢᠷᠭᠠᠯ ᠪᠠᠰᠠ ᠯᠠ ᠦᠷᠬᠦᠯᠵᠢᠯᠡᠵᠦ ᠰᠦᠨᠢ ᠶᠢᠨ ᠬᠦᠨ ᠪᠤᠯᠳᠠᠯ᠎ᠠ ᠯᠠ ᠶᠢᠨ ᠲᠤᠤᠷ᠎ᠠ ᠨᠤᠮ ᠠᠮᠳᠠᠷᠬᠠᠨ ᠤᠡᠭᠰᠢᠨ᠎ᠠ᠃ ︽ᠵᠠᠰᠠᠭ ᠤᠨ ᠬᠤᠳᠤᠭᠤᠷ︾ ᠪᠤᠯ ᠮᠢᠨᠦ ᠬᠤᠨᠢᠨ ᠤ ᠪᠡᠯᠴᠢᠬᠡᠷ ᠲᠤ ᠬᠡᠳᠦᠨᠳᠡ ᠲᠤᠭᠤᠯᠤᠭᠰᠠᠨ ᠰᠤᠩᠭᠤᠳᠠᠭ ᠨᠤᠮ ᠤᠨ ᠨᠢᠬᠡ ᠪᠢᠯᠡ᠃     ᠤᠳᠤᠬᠠᠨ ᠳᠤ ︽ᠵᠠᠰᠠᠭ ᠤᠨ ᠬᠤᠳᠤᠭᠤᠷ︾᠂ ︽ᠦᠷ ᠤᠨ ᠲᠤᠶᠠᠭ᠎ᠠ︾ ᠨᠤᠮ ᠤᠳ ᠮᠠᠨᠢ ᠭᠤᠷᠪᠠᠨ ᠮᠢᠩᠭ᠎ᠠ ᠶᠢᠨ ᠨᠠᠭᠠᠨ᠎ᠠ ᠴᠠᠭᠠᠨ᠎ᠠ ᠲᠠᠭᠤᠳᠠᠭᠤᠯᠵᠦ ᠦᠨᠡᠨ ᠬᠦ ᠲᠡᠶᠢᠮᠦ ᠦᠨ᠎ᠠ ᠪᠠᠷ ᠵᠠᠷᠤᠬᠤ ᠶᠢ ᠴᠤ ᠬᠠᠷᠠᠯ᠎ᠠ᠃ ᠲᠡᠷᠡ ᠮᠦᠷᠳᠡᠬᠡᠨ ᠪᠦᠷ ᠤᠯᠳᠠᠬᠤ ᠪᠠᠨ ᠪᠤᠯᠢᠵᠦ ᠡ᠊ᠨᠳᠡ ᠲᠡᠨᠳᠡ ᠮᠠᠷ ᠰᠠᠷ ᠰᠤᠷᠠᠭ ᠲᠤᠭᠤᠯᠳᠠᠨ ᠬᠦᠮᠦᠰ ᠤᠨ ᠬᠤᠷᠤᠬᠠᠢ ᠶᠢ ᠬᠦᠳᠡᠯᠬᠡᠬᠦ ᠶᠤᠮ ᠬᠡᠨ᠎ᠠ᠃ ᠲᠤᠩ ᠬᠠᠴᠢᠷᠬᠠᠯᠳᠠᠢ᠃     ᠵᠦᠢᠷ ᠦᠬᠡᠢ ᠰᠠᠶᠢᠬᠠᠨ ᠠᠭᠠᠯᠢ ᠲᠠᠢ ᠵᠢᠷᠬᠢᠶ᠎ᠠ ᠬᠤᠯᠪᠤᠭᠠᠨ ᠤ ᠰᠤᠶᠤᠯ ᠮᠠᠨᠢ ᠵᠢᠷᠬᠢᠵᠦ ᠮᠠᠨ ᠤ ᠲᠤᠮᠳᠡ ᠢᠷᠡᠭᠰᠡᠨ ᠠᠴᠠ ᠬᠤᠶᠢᠰᠢ ᠰᠤᠷᠠᠭ ᠵᠠᠩᠬᠢ ᠶᠢᠨ ᠲᠠᠯ᠎ᠠ ᠪᠠᠷ ᠰᠠᠯᠬᠢ ᠠᠴᠠ ᠴᠤ ᠬᠤᠷᠳᠤᠨ ᠪᠤᠯᠤᠭᠰᠠᠨ ᠪᠢᠯᠡ᠃ ᠬᠦᠮᠦᠨ ᠪᠤᠯᠭᠠᠨ ᠬᠡᠴᠢᠨᠡᠬᠡᠡ ᠠᠷᠪᠠᠨ ᠬᠤᠯᠪᠤᠭ᠎ᠠ ᠲᠠᠢ᠂ ᠬᠡᠴᠢᠨᠡᠬᠡᠨ ᠵᠠᠭᠤᠨ ᠵᠢᠷᠬᠢᠶᠠᠨ ᠤ ᠠᠬᠠᠨ ᠲᠡᠭᠦᠦᠰ ᠲᠠᠢ ᠪᠤᠯᠴᠢᠬᠠᠭᠰᠠᠨ ᠬᠦᠳᠡᠭᠡ ᠭᠠᠳᠠᠭ᠎ᠠ ᠬᠡᠰᠡᠨ ᠦᠬᠡᠢ ᠵᠢᠷᠬᠢᠵᠦ ᠯᠠ ᠪᠠᠶᠢᠪᠠᠯ ᠬᠤᠷᠸ᠎ᠠ ᠶᠢᠨ ᠪᠦᠬᠦ ᠰᠤᠨᠢᠨ ᠢ ᠠᠯᠠᠭᠠᠨ ᠲᠡᠭᠡᠷ᠎ᠠ ᠪᠠᠨ ᠰᠤᠨᠤᠰᠴᠢᠬᠠᠭᠠᠳ ᠪᠠᠶᠠᠷᠯᠠᠵᠦ ᠲᠤᠭᠳᠤᠯᠵᠦ ᠶᠠᠪᠤᠭ᠎ᠠ ᠳ᠋ᠠ᠃ ᠡᠬᠦᠨ ᠤ ᠤᠯᠠᠮ ᠢᠶᠠᠷ ᠵᠢᠷᠬᠢᠶᠡᠨ ᠤ ᠪᠦᠷ ᠰᠠᠶᠢᠨ ᠪᠤᠶᠦ ᠠᠳᠠᠭ ᠰᠠᠭᠠᠷ ᠦᠢᠯᠡ ᠮᠤᠩᠭᠤᠯ ᠲᠦᠮᠡᠨ ᠢ ᠨᠦᠯᠦᠬᠡᠯᠡᠵᠦ ᠡᠬᠢᠯᠡᠭᠰᠡᠨ ᠶᠤᠮ᠃     ᠬᠠᠭᠤᠴᠢᠨ ᠨᠤᠮ ᠤᠨ ᠲᠤᠬᠠᠢ ᠴᠤ ᠠᠳᠠᠯᠢᠬᠠᠨ᠃ ᠲᠡᠭᠡᠷ᠎ᠠ ᠵᠠᠭᠤᠨ ᠤ ᠰᠡᠬᠦᠯᠴᠢ ᠠᠴᠠ ᠡᠨᠡ ᠵᠠᠭᠤᠨ ᠤ ᠡᠬᠢᠨ ᠢ ᠲᠤᠰᠳᠠᠯ᠎ᠠ ᠬᠠᠭᠤᠴᠢᠨ ᠨᠤᠮ ᠪᠠᠶᠢᠳᠤᠭᠠᠢ ᠬᠠᠮᠤᠭ ᠤᠨ ᠰᠤᠩᠭᠤᠳᠠᠭ ᠰᠢᠨ᠎ᠠ ᠨᠤᠮ ᠢ ᠴᠤ ᠬᠡᠴᠢᠨᠡᠬᠡᠨ ᠰᠠᠶᠢᠬᠠᠨ ᠦᠬᠡ ᠶᠢᠨ ᠮᠢᠯᠢᠶᠠᠯᠭ᠎ᠠ ᠲᠠᠢ ᠪᠤᠯ ᠲᠤᠷᠠᠳᠠᠢ ᠲᠤᠷ᠎ᠠ ᠦᠬᠡᠢ ᠶᠢᠨ ᠬᠤᠭᠤᠷᠤᠨᠳᠦ ᠠᠪᠳᠠᠭ ᠪᠠᠶᠢᠭᠰᠠᠨ᠃ ᠨᠠᠩ ᠴᠤᠭᠯᠠᠭᠤᠯᠭ᠎ᠠ ᠬᠡᠰᠡᠨ ᠰᠤᠶᠤᠯ ᠤᠭᠳᠤ ᠪᠠᠷ᠎ᠠ ᠦᠬᠡᠢ ᠪᠠᠶᠢᠯ᠎ᠠ᠃ ᠬᠡᠬᠦ ᠳᠤ ᠤᠳᠤ ᠪᠤᠯ ᠠᠪᠦ ᠡᠵᠢ ᠳᠡᠭᠡᠨ ᠮᠡᠨᠳᠦ ᠠᠰᠠᠭᠤᠬᠤ ᠠᠴᠠ ᠢᠯᠡᠬᠦᠦ᠂ ᠠᠯᠤᠰ ᠠᠴᠠ ᠢᠷᠡᠭᠰᠡᠨ ᠠᠶᠢᠯᠴᠢᠨ ᠤ ᠴᠢᠯᠡᠭᠡ ᠶᠢ ᠨᠢ ᠲᠠᠶᠢᠯᠵᠦ ᠠᠮᠵᠢᠯ ᠦᠬᠡᠢ ᠡᠳᠦᠷᠵᠢᠨ ᠬᠠᠭᠤᠴᠢᠨ ᠨᠤᠮ ᠰᠤᠳᠤᠷ ᠰᠤᠷᠠᠭᠯᠠᠳᠠᠭ᠃ ᠬᠠᠭᠤᠴᠢᠨ ᠨᠤᠮ ᠤᠨ ᠲᠦᠯᠦᠬᠡ ᠠᠮᠢᠳᠤᠷᠠᠵᠦ ᠪᠠᠶᠢᠭ᠎ᠠ ᠮᠡᠳᠦ ᠬᠠᠴᠢᠨ ᠪᠤᠳᠤᠯ ᠲᠦᠷᠦᠬᠦᠯᠬᠦ ᠴᠤ ᠪᠤᠢ᠃ ᠠᠭᠤᠯᠵᠠᠭᠠᠳ ᠴᠤ ᠰᠤᠷᠠᠭᠯᠠᠨ᠎ᠠ᠂ ᠠᠮᠠᠷᠠᠭ ᠵᠢᠷᠬᠢᠶᠡᠨ ᠲᠡᠭᠡᠷ᠎ᠠ ᠪᠠᠨ ᠰᠤᠷᠠᠭᠯᠠᠨ᠎ᠠ᠃ ᠭᠠᠷᠤᠨ ᠤᠷᠤᠨ ᠬᠠᠮᠢᠭ᠎ᠠ ᠶᠠᠪᠤᠭᠰᠠᠨ ᠴᠤ ᠡᠷᠳᠡᠨᠢᠳᠦ ᠠᠷᠠᠯ ᠬᠠᠶᠢᠭᠰᠠᠨ ᠰᠢᠭ ᠬᠠᠭᠤᠴᠢᠨ ᠨᠤᠮ ᠤᠨ ᠡᠷᠢᠯ ᠬᠦᠳᠡᠭᠡ ᠠᠶᠢᠯ ᠠᠴᠠ ᠬᠤᠳᠡ ᠶᠢᠨ ᠵᠠᠬ᠎ᠠ ᠬᠦᠷᠳᠡᠯ᠎ᠠ ᠲᠠᠰᠤᠷᠠᠯᠳᠡ ᠦᠬᠡᠢ ᠦᠷᠬᠦᠯᠵᠢᠯᠡᠨ᠎ᠠ᠃     ᠨᠤᠮ ᠮᠡᠳᠡᠳᠡᠭ ᠨᠢ ᠴᠤ ᠨᠤᠮ ᠳᠤ ᠤᠭᠳᠤ ᠫᠠᠳ ᠨᠢ ᠴᠤ ᠬᠠᠭᠤᠴᠢᠨ ᠨᠤᠮ ᠰᠤᠷᠠᠭᠯᠠᠭᠠᠳ ᠶᠠᠪᠤᠪᠠᠯ ᠰᠠᠨᠠᠭ᠎ᠠ ᠨᠢ ᠠᠮᠤᠷᠬᠤ ᠮᠡᠳᠦ᠃ ᠨᠠᠰᠦ ᠨᠠᠷᠠ ᠪᠠᠨ ᠪᠠᠷᠠᠭᠠᠳᠠᠯ᠎ᠠ ᠡᠷᠳᠡᠮ ᠨᠤᠮ ᠳᠤ ᠵᠤᠷᠢᠵᠦ ᠮᠤᠩᠭᠤᠯ ᠰᠤᠶᠤᠯ ᠤᠨ ᠢᠶᠠᠨ ᠲᠦᠯᠦᠬᠡ ᠦᠪᠡᠷ ᠢ ᠪᠠᠨ ᠴᠢᠯᠡᠬᠡᠨ ᠬᠠᠳᠠᠭᠤᠵᠢᠵᠦ ᠶᠠᠪᠤᠭᠰᠠᠨ ᠡᠷᠳᠡᠮᠳᠡᠨ ᠪᠤᠭᠤᠷᠤᠯ ᠠᠪᠦ ᠡᠵᠢ ᠶᠢ ᠪᠠᠨ ᠠᠯᠠᠭ ᠲᠤᠯᠤᠭᠠᠢ ᠶᠢᠨ ᠴᠠᠭᠠᠭᠤᠷ ᠤᠷᠤᠩᠭᠤᠳᠡ ᠦᠢᠯᠡ ᠪᠠᠨ ᠦᠵᠡᠵᠦ ᠴᠤᠭᠯᠠᠭᠤᠯᠤᠭᠰᠠᠨ ᠵᠢᠭᠠᠬᠠᠨ ᠦᠪ ᠰᠤᠳᠤᠷ ᠨᠢ ᠬᠦᠷᠳᠡᠯ᠎ᠠ ᠨᠢᠳᠦᠨ ᠳᠤ ᠤᠷᠤᠭᠰᠠᠨ ᠬᠤᠭ ᠰᠢᠭ ᠬᠠᠷᠠᠭᠳᠠᠬᠤ ᠳᠤ ᠬᠤᠷᠳᠤᠨ ᠬᠤᠮᠢᠵᠦ ᠠᠪᠤᠭᠠᠳ ᠬᠡᠬᠡᠷ᠎ᠠ ᠶᠢᠨ ᠰᠠᠯᠬᠢᠨ ᠳᠤ ᠤᠷᠬᠢᠵᠦ ᠶᠠᠪᠤᠭᠰᠠᠨ ᠢᠶᠠᠨ ᠶᠠᠭᠤᠨ ᠳᠤ ᠪᠤᠳᠤᠳᠠᠭ ᠪᠤᠯ ᠡ︖ ᠮᠤᠩᠭᠤᠯ ᠵᠠᠯᠠᠭᠤᠰ ᠮᠢᠨᠢ᠃ ᠴᠠᠭ ᠤᠨ ᠰᠠᠯᠬᠢᠨ ᠡᠷᠬᠢᠭᠰᠡᠬᠡᠷ ᠦᠨᠦᠳᠦᠷ ᠪᠤᠯᠬᠤ ᠳᠤ ᠬᠠᠭᠤᠴᠢᠨ ᠨᠤᠮ ᠵᠠᠷᠤᠵᠦ ᠴᠤᠭᠯᠠᠭᠤᠯᠬᠤ ᠡᠷᠢᠵᠦ ᠰᠤᠷᠠᠭᠯᠠᠬᠤ ᠡᠰᠡᠬᠦᠯ᠎ᠠ ᠰᠤᠯᠢᠯᠴᠠᠬᠤ ᠬᠤᠯᠪᠤᠭ᠎ᠠ ᠴᠤᠭᠯᠠᠷᠠᠯ ᠴᠤ ᠨᠤᠲᠤᠭ ᠤᠨ ᠡᠪᠡᠰᠦ ᠠᠴᠠ ᠤᠯᠠᠨ ᠭᠠᠷᠤᠯ᠎ᠠ᠃ ᠬᠠᠭᠤᠴᠢᠨ ᠨᠤᠮ ᠦᠨᠡᠨ ᠬᠦ ᠲᠡᠭᠷᠢ ᠭᠠᠵᠠᠷ ᠤᠨ ᠲᠤᠮᠳᠡ ᠤᠷᠤᠰᠢᠬᠤ ᠵᠠᠢ ᠪᠠᠨ ᠤᠯᠵᠦ ᠲᠤᠷᠭ᠎ᠠ ᠬᠠᠳᠠᠭ ᠲᠤ ᠪᠠᠷᠢᠨᠳᠠᠭᠯᠠᠬᠤ ᠠᠵᠡ ᠬᠦᠷᠴᠦ ᠢᠷᠡᠯ᠎ᠠ᠃ ᠡᠨᠡ ᠴᠤ ᠰᠠᠶᠢᠨ ᠵᠦᠢᠯ᠃ ᠬᠡᠪᠡᠴᠦ ᠬᠡᠰᠡᠭ ᠬᠦᠮᠦᠰ᠂ ᠲᠠᠷᠤᠢ ᠶᠠᠮᠠᠷ ᠴᠤ ᠨᠤᠮ ᠰᠤᠶᠤᠯ ᠤᠨ ᠪᠤᠰᠦ ᠴᠤᠯ ᠮᠠᠶᠢᠮᠠᠢ ᠶᠢᠨ ᠬᠦᠮᠦᠰ ᠤᠷᠤᠵᠦ ᠢᠷᠡᠬᠡᠳ ᠨᠤᠮ ᠤᠨ ᠠᠷᠢᠭᠤᠨ ᠰᠦᠨᠡᠰᠦ ᠶᠢ ᠬᠦᠨᠳᠡᠵᠦ ᠰᠡᠪᠳᠦᠬᠡᠬᠡᠳ ᠨᠤᠮᠴᠢ ᠬᠦᠮᠦᠰ ᠤᠨ ᠪᠤᠷᠬᠠᠨᠯᠢᠭ ᠰᠡᠳᠬᠢᠯ ᠳᠤ ᠬᠦᠢᠳᠡᠨ ᠤᠰᠤ ᠰᠠᠴᠤᠵᠦ ᠶᠠᠪᠤᠬᠤ ᠨᠢ ᠲᠠᠩᠴᠦ ᠭᠤᠳᠤᠮᠰᠢᠬᠳᠡᠢ ᠬᠠᠷᠠᠭᠳᠠᠨ᠎ᠠ ᠪᠤᠶᠦ᠃ ᠨᠢᠩᠵᠢᠨ ᠰᠡᠳᠬᠢᠯ᠂ ᠬᠦᠮᠦᠨ ᠮᠦᠰᠦ᠂ ᠤᠶᠤᠨ ᠤᠬᠠᠭᠠᠨ ᠳᠠᠭᠠᠨ ᠵᠤᠷᠢᠭᠤᠯᠤᠭᠰᠠᠨ ᠠᠷᠢᠭᠤᠨ ᠲᠠᠭᠱᠢᠨ ᠢ ᠵᠢᠭᠠᠬᠠᠨ ᠴᠤ ᠮᠡᠳᠡᠯ ᠦᠬᠡᠢ ᠲᠤᠩᠭᠤᠷᠴᠦ ᠶᠠᠪᠤᠬᠤ ᠲᠡᠶᠢᠮᠦ ᠯᠠ ᠬᠦᠮᠦᠰ ᠠᠳᠠᠯ᠎ᠠ ᠬᠠᠮᠢᠭ᠎ᠠ ᠨᠢᠬᠡ ᠵᠦᠭ ᠠᠴᠠ ᠪᠡᠳᠬᠡᠷᠡᠭᠰᠡᠨ ᠬᠠᠷ᠎ᠠ ᠡᠬᠦᠯᠡᠰ ᠬᠤᠷᠠᠵᠦ ᠢᠷᠡᠬᠡᠳ ᠠᠶᠤᠩᠭ᠎ᠠ ᠨᠢᠵᠢᠬᠢᠨᠡᠨ ᠬᠠᠭᠤᠴᠢᠨ ᠨᠤᠮ ᠤᠨ ᠠᠯᠳᠠᠨ ᠵᠠᠶᠠᠭᠠᠨ ᠳᠤ ᠲᠦᠷᠢᠭᠰᠡᠨ ᠪᠠᠷᠠᠭᠠᠨ ᠰᠡᠭᠦᠳᠡᠷ ᠤᠳ ᠢ ᠪᠤᠳᠡ ᠨᠢᠷᠬᠢᠬᠦ ᠪᠤᠯᠤᠭᠠᠰᠠᠢ ᠬᠡᠮᠡᠨ ᠵᠠᠯᠪᠠᠷᠢᠨ ᠬᠦᠯᠢᠶᠡᠨᠡᠮ᠃
ᠢᠷᠡᠯᠲᠡ᠄ ᠣᠷᠳᠣᠰ ᠮᠣᠩᠭᠤᠯ ᠰᠦᠯᠵᠢᠶ᠎ᠡ