ᠡᠵᠡᠨ ᠬᠤᠷᠤᠭ᠎ᠠ ᠬᠤᠰᠢᠭᠤᠨ ᠤ ᠤᠯᠠᠭᠠᠨᠮᠦ᠋ᠴᠢᠷ ᠭᠤᠸᠠᠩᠰᠢ ᠶᠢᠨ ︽ᠭᠤᠷᠪᠠᠨ ᠰᠠᠷ᠎ᠠ ᠶᠢᠨ ᠭᠤᠷᠪᠠᠨ︾᠎ ᠤ ᠪᠠᠶᠠᠷ ᠲᠤ ᠣᠷᠣᠯᠴᠠᠯ᠎ᠠ
ᠨᠡᠶᠢᠲᠡᠯᠡᠭᠰᠡᠨ ᠴᠠᠭ᠄
2024/4/16
      ᠣᠶᠢᠷ᠎ᠠ ᠶᠢᠨ ᠡᠳᠦᠷ᠂ ᠭᠤᠸᠠᠩᠰᠢ ᠶᠢᠨ ᠵᠤᠸᠠᠩ ᠦᠨᠳᠦᠰᠦᠲᠡᠨ ᠤ ᠥᠪᠡᠷᠲᠡᠭᠡᠨ ᠵᠠᠰᠠᠬᠤ ᠤᠷᠤᠨ ᠳᠤ ᠶᠠᠪᠤᠭᠳᠠᠭᠰᠠᠨ ︽ᠭᠤᠷᠪᠠᠨ ᠰᠠᠷ᠎ᠠ ᠶᠢᠨ ᠭᠤᠷᠪᠠᠨ︾᠎ ᠤ ᠪᠠᠶᠠᠷ ᠤᠨ ᠡᠳᠦᠷ ᠤᠨ ᠰᠢᠷᠢᠰ ᠠᠵᠢᠯᠯᠠᠭᠠᠨ ᠳᠤ᠂ ᠤᠷᠳᠤᠰ ᠬᠤᠲᠠ ᠶᠢᠨ ᠡᠵᠡᠨ ᠬᠤᠷᠤᠭ᠎ᠠ ᠬᠤᠰᠢᠭᠤᠨ ᠤ ᠤᠯᠠᠭᠠᠨᠮᠦ᠋ᠴᠢᠷ ᠥᠪᠥᠷ ᠮᠣᠩᠭᠤᠯ ᠢ ᠲᠥᠯᠥᠭᠡᠯᠡᠨ ᠤᠷᠤᠯᠴᠠᠯ᠎ᠠ᠃ ᠠᠵᠢᠯᠯᠠᠭᠠᠨ ᠤ ᠭᠤᠣᠯ ᠲᠠᠯᠠᠪᠤᠷ ᠲᠤ᠂ ᠡᠵᠡᠨ ᠬᠤᠷᠤᠭ᠎ᠠ ᠬᠤᠰᠢᠭᠤᠨ ᠤ ᠤᠯᠠᠭᠠᠨᠮᠦ᠋ᠴᠢᠷ ᠠᠴᠠ ᠤᠷᠳᠤᠰ ᠠᠷᠠᠳ ᠤᠨ ᠳᠠᠭᠤᠤ᠂ ᠮᠣᠷᠢᠨ ᠬᠤᠭᠤᠷ ᠎ ᠤᠨ ᠬᠥᠭᠵᠢᠮ᠂ ᠤᠷᠳᠤ ᠶᠢᠨ ᠳᠠᠭᠤᠤ᠂ ᠬᠦᠭᠡᠮᠡᠢ ᠪᠠᠷ ᠪᠠᠶᠠᠷ ᠲᠤ ᠬᠦᠷ ᠨᠡᠮᠡᠷᠢᠯᠡᠵᠤ᠂ ᠥᠪᠥᠷ ᠮᠣᠩᠭᠤᠯ ᠤᠨ ᠪᠤᠳᠠᠰ ᠤᠨ ᠪᠤᠰᠤ ᠰᠤᠶᠤᠯ ᠤᠨ ᠥᠪ ᠤᠨ ᠴᠤᠭ ᠵᠢᠪᠬᠤᠭ᠎ᠠ ᠶᠢ ᠤᠯᠠᠨ ᠳᠠᠶᠠᠭᠠᠷ ᠲᠤ ᠬᠠᠷᠠᠭᠤᠯᠤᠭᠰᠠᠨ ᠪᠠᠶᠢᠨ᠎ᠠ᠃
 
ᠢᠷᠡᠯᠲᠡ᠄ ᠤᠷᠳᠤᠰ ᠬᠤᠲᠠ ᠶᠢᠨ ᠬᠠᠮ ᠵᠠᠭᠤᠴᠢᠯᠠᠭᠤᠷ ᠤᠨ ᠲᠥᠪ