︽ᠣᠷᠳᠣᠰ︾ ᠭᠡᠬᠦ ᠨᠠᠷ᠎ᠡ ᠶᠢᠨ ᠢᠷᠡᠯᠲᠡ ᠶᠢᠨ ᠲᠤᠬᠠᠢ
ᠨᠡᠶᠢᠲᠡᠯᠡᠭᠰᠡᠨ ᠴᠠᠭ᠄
2024/5/15
     ᠣᠷᠳᠣᠰ ᠪᠣᠯ ᠣᠷᠳᠣᠰ ᠤᠨ ᠥᠨᠳᠦᠷᠯᠢᠭ ᠲᠠᠬᠢ ᠶᠡᠷᠦᠩᠬᠡᠢ ᠨᠡᠷᠡᠶᠢᠳᠦᠯ ᠶᠤᠮ᠃ ᠣᠷᠳᠣᠰ ᠨᠤᠲᠤᠭ ᠤᠨ ᠮᠣᠩᠭᠤᠯᠴᠤᠳ ᠤᠨ ᠦᠵᠡᠯᠲᠡ ᠨᠢ ᠴᠢᠩᠭᠢᠰ ᠬᠠᠭᠠᠨ ᠤ ᠨᠠᠢᠮᠠᠨ ᠴᠠᠭᠠᠨ ᠣᠷᠳᠣᠨ ( ᠭᠡᠷ ) ᠬᠢᠭᠡᠳ ᠣᠯᠠᠨ ᠣᠷᠳᠤ ᠬᠠᠷᠰᠢ᠂ ᠰᠦᠯᠳᠡ ᠰᠢᠲᠦᠭᠡᠨ ᠢ ᠠᠳᠡ ᠪᠠᠶᠢᠭᠤᠯᠤᠭᠠᠳ ᠲᠠᠪᠤᠨ ᠵᠠᠭᠤᠨ ᠰᠢᠷ᠎ᠠ ᠳᠠᠷᠬᠠᠳ ᠢᠶᠠᠷ ᠰᠠᠬᠢᠨ ᠬᠠᠮᠠᠭᠠᠯᠠᠵᠤ ᠳᠠᠬᠢᠭᠰᠠᠭᠠᠷ ᠢᠷᠡᠭᠰᠡᠨ ᠤᠳᠠᠭᠠᠨ ᠣᠨ ᠤ ᠲᠡᠦᠬᠡ ᠲᠠᠢ ᠠᠴᠠ ︽ᠣᠷᠳᠣᠰ︾ ᠭᠡᠰᠡᠨ ᠦᠭᠡᠨ ᠳᠤ ᠮᠣᠩᠭᠤᠯ ᠬᠡᠯᠡᠨ ᠤ ᠣᠯᠠᠨ ᠲᠣᠭᠠᠨ ᠤ ︽᠊ᠰ︾ ᠳᠠᠭᠠᠪᠤᠷᠢ ᠶᠢ ᠵᠠᠯᠭᠠᠭᠠᠳ ᠣᠯᠠᠨ ᠣᠷᠳᠣᠨ ᠭᠡᠰᠡᠨ ᠤᠳᠬᠠᠲᠠᠢ ︽ᠣᠷᠳᠣᠰ︾ ᠭᠡᠰᠡᠨ ᠨᠠᠷ᠎ᠡ ᠪᠣᠯᠤᠭᠰᠠᠨ ᠶᠤᠮ᠃

1.jpg

     ᠣᠷᠳᠣᠰ ᠨᠤᠲᠤᠭ ᠪᠣᠯ ᠪᠠᠷᠠᠭᠤᠨ᠂ ᠬᠤᠶᠢᠨ᠎ᠠ᠂ ᠵᠡᠭᠦᠨ 3 ᠲᠠᠯ᠎ᠠ ᠪᠠᠷ ᠢᠶᠠᠨ ᠬᠠᠲᠤᠨ ᠭᠤᠣᠯ ᠣᠷᠢᠶᠠᠵᠤ᠂ ᠪᠠᠷᠠᠭᠤᠨ ᠡᠮᠦᠨᠡᠭᠦᠷ ᠢᠶᠠᠷ ᠨᠢ  ᠤᠷᠲᠤ ᠴᠠᠭᠠᠨ

ᠬᠡᠷᠡᠮ ᠪᠦᠰᠡᠯᠡᠵᠦ ᠪᠠᠶᠢᠬᠤ ᠭᠠᠵᠠᠷ ᠤᠨ ᠳᠤᠮᠳᠠ ᠨᠢ 87.428 ᠭᠠᠷᠤᠢ ᠲᠡᠭᠰᠢ ᠳᠥᠷᠪᠡᠯᠵᠢᠨ ᠺᠢᠯᠣᠮᠧᠲᠷ ᠤᠨ ᠨᠤᠲᠤᠭ ᠳᠡᠪᠢᠰᠬᠡᠷ ᠳᠡᠭᠡᠷ᠎ᠡ ᠣᠷᠳᠣᠰ 7

ᠬᠤᠰᠢᠭᠤ 2 ᠲᠣᠭᠤᠷᠢᠭ ᠲᠤ ᠬᠠᠷᠢᠶᠠᠯᠠᠭᠳᠠᠵᠤ ᠪᠠᠶᠢᠭ᠎ᠠ ᠥᠩ ᠰᠢᠮᠡᠯᠢᠭ ᠡᠪᠡᠰᠦ ᠪᠡᠯᠴᠢᠭᠡᠷ ᠲᠠᠢ ᠦᠩᠰᠡᠭ ᠰᠠᠶᠢᠬᠠᠨ ᠮᠠᠯ ᠰᠦᠷᠦᠭ ᠲᠠᠢ ᠡᠯᠪᠡᠭ ᠪᠠᠶᠠᠨ

ᠪᠠᠶᠢᠭᠠᠯᠢ ᠶᠢᠨ ᠡᠬᠢ ᠪᠠᠶᠠᠯᠢᠭ ᠲᠠᠢ ᠣᠷᠣᠨ ᠢ ᠪᠣᠷᠣᠳᠣᠬᠤᠢ (ᠤᠤᠯ ᠤᠨ ᠪᠣᠷᠣᠳᠣᠬᠤᠢ ᠳᠤ ᠤᠷᠠᠳ ᠤᠨ ᠲᠠᠯ᠎ᠠ᠂ ᠲᠦᠮᠡᠳ ᠤᠨ ᠲᠠᠯ᠎ᠠ ᠪᠦᠷ ᠪᠠᠶᠢᠳᠠᠭ) ᠪᠠᠶᠢᠵᠠᠢ᠃

2.jpg

     ᠠᠯᠢ ᠡᠷᠲᠡ ᠦᠶ᠎ᠡ ᠳᠤ ᠣᠷᠳᠣᠰ ᠮᠣᠩᠭᠤᠯ ᠤᠨ ᠡᠪᠦᠭᠡ ᠳᠡᠭᠡᠳᠦᠰ — ᠣᠷᠳᠣᠰ ᠬᠥᠮᠥᠨ (ᠪᠣᠷᠣᠳᠣᠬᠤᠢ ᠶᠢᠨ ᠬᠥᠮᠥᠨ) ᠪᠠᠶᠢᠵᠠᠢ᠃ ᠲᠡᠭᠦᠨ ᠠᠴᠠ

ᠬᠤᠶᠢᠰᠢ ᠲᠡᠦᠬᠡ ᠶᠢᠨ ᠤᠷᠲᠤ ᠤᠳᠠᠭᠠᠨ ᠬᠤᠭᠤᠴᠠᠭᠠᠨ ᠳᠤ ᠤᠮᠠᠷᠠᠲᠤ ᠣᠷᠣᠨ ᠤ ᠡᠯ᠎ᠡ ᠴᠥᠭᠡᠨ ᠲᠣᠭᠠᠲᠤ ᠦᠨᠳᠦᠰᠦᠲᠡᠨ ᠦᠶ᠎ᠡ ᠤᠯᠠᠷᠢᠨ ᠠᠵᠤ ᠲᠦᠷᠦᠨ

ᠨᠡᠭᠦᠳᠡᠯᠯᠡᠨ ᠮᠠᠯᠵᠢᠵᠤ ᠢᠷᠡᠭᠰᠡᠭᠡᠷ ᠥᠨᠥᠳᠥᠷ ᠤᠨ ᠡᠶᠢᠮᠦ ᠰᠠᠶᠢᠬᠠᠨ ᠥᠯᠢᠭᠡᠷ ᠲᠡᠦᠬᠡ ᠶᠢ ᠡᠭᠦᠳᠦᠨ ᠪᠦᠲᠦᠭᠡᠭᠰᠡᠨ ᠭᠡᠳᠡᠭ᠃

︽ᠣᠷᠳᠣᠰ︾ ᠭᠡᠳᠡᠭ ᠨᠠᠷ᠎ᠡ ᠴᠢᠩᠭᠢᠰ ᠬᠠᠭᠠᠨ ᠤ ᠦᠶ᠎ᠡ ᠠᠴᠠ ᠡᠬᠢᠯᠡᠵᠦ ᠪᠤᠢ ᠪᠣᠯᠤᠭᠰᠠᠨ ᠪᠣᠯᠪᠠᠴᠤ 13 ᠳ᠋ᠤᠭᠠᠷ ᠵᠠᠭᠤᠨ ᠤ ᠰᠡᠭᠦᠯᠴᠢ 14 ᠳ᠋ᠦ᠋ᠭᠡᠷ ᠵᠠᠭᠤᠨ ᠤ

ᠡᠬᠢᠨ ᠤ ᠦᠶ᠎ᠡ ᠪᠠᠷ ᠰᠠᠶ᠋ᠢ ᠵᠢᠩᠬᠢᠨᠢ ᠮᠣᠩᠭᠤᠯ ᠤᠨ ᠨᠡᠶᠢᠭᠡᠮ ᠤᠨ ᠵᠠᠰᠠᠭ ᠵᠠᠬᠢᠷᠭᠠᠨ ᠤ ᠨᠡᠷ᠎ᠡ ᠪᠣᠯᠵᠠᠢ᠃ ᠦᠬᠡᠷ᠎ᠡ ᠪᠠᠷ ᠬᠡᠯᠡᠪᠡᠯ ᠮᠣᠩᠭᠤᠯ ᠤᠨ ᠨᠡᠶᠢᠭᠡᠮ ᠤᠨ ᠨᠢᠭᠡᠨ

ᠲᠦᠮᠡᠨ ᠤ ᠨᠠᠷ᠎ᠡ ︽ᠣᠷᠳᠣᠰ ᠲᠦᠮᠡᠨ︾ ᠭᠡᠵᠦ ᠪᠤᠢ ᠪᠣᠯᠵᠠᠢ᠃ ︽ᠰᠢᠷ᠎ᠠ ᠲᠤᠭᠤᠵᠢ︾᠎ ᠳᠤ ︽ᠡᠷᠴᠢᠮᠲᠦ ᠨᠠᠴᠢᠨ ᠤ ᠵᠢᠭᠦᠷ ᠪᠣᠯᠤᠭᠰᠠᠨ᠂ ᠡᠷᠭᠢᠬᠦ ᠬᠠᠰᠠᠭ ᠲᠡᠷᠭᠡᠨ ᠢ

ᠬᠠᠳᠠᠭᠠᠯᠠᠭᠰᠠᠨ ᠡᠷᠡᠬᠡᠶᠢᠲᠦ ᠶᠢᠨ ᠮᠡᠷᠭᠡᠨ᠂ ᠡᠪᠴᠢᠭᠦᠨ ᠳᠡᠭᠡᠨ ᠶᠡᠭᠡ ᠵᠣᠷᠢᠭᠲᠤ ᠤᠯᠤᠰ ᠲᠤ ᠲᠦᠷᠦᠭᠰᠡᠨ ᠡᠵᠡᠨ ᠢ ᠠᠭᠤᠯᠠ ᠮᠡᠲᠦ ᠴᠠᠭᠠᠨ ᠭᠡᠷ ᠢ ᠬᠠᠳᠠᠭᠠᠯᠠᠭᠰᠠᠨ

ᠣᠷᠳᠣᠰ ᠲᠦᠮᠡᠨ︾ ᠭᠡᠵᠦ ᠣᠷᠳᠣᠰ ᠲᠦᠮᠡᠨ ᠤ ᠶᠡᠭᠡ ᠬᠠᠭᠠᠨ ᠤ ᠠᠶᠠᠨ ᠳᠠᠶᠢᠨ ᠳᠤ ᠬᠡᠷᠡᠭᠯᠡᠵᠦ ᠪᠠᠭᠤᠬᠤ ᠣᠷᠳᠣᠨ ᠥᠷᠦᠬᠡ ᠶᠢᠨ ᠲᠤᠰᠬᠠᠢ ᠡᠷᠬᠢᠯᠠᠨ

ᠬᠠᠷᠢᠭᠤᠴᠠᠵᠤ ᠪᠠᠶᠢᠭᠰᠠᠨ ᠪᠠᠶᠢᠳᠠᠯ ᠢ ᠲᠣᠪ ᠲᠣᠳᠣᠷᠬᠠᠢ ᠳᠦᠷᠰᠦᠯᠡᠭᠰᠡᠨ ᠪᠠᠶᠢᠨ᠎ᠠ᠃

3.jpg

     ︽ᠡᠷᠳᠡᠨᠢ ᠶᠢᠨ ᠲᠣᠪᠴᠢ︾᠎ ᠳᠤ ︽ᠣᠷᠳᠣᠰ ᠲᠤ ᠡᠵᠡᠨ ᠤ ᠨᠠᠢᠮᠠᠨ ᠴᠠᠭᠠᠨ ᠭᠡᠷ ᠢ ᠬᠠᠳᠠᠭᠠᠯᠠᠭᠰᠠᠨ ᠶᠡᠭᠡ ᠵᠠᠶᠠᠭᠠᠲᠤ ᠤᠯᠤᠰ︾ ᠭᠡᠵᠦ ᠣᠷᠳᠣᠰᠴᠤᠳ ᠤᠨ ᠶᠡᠭᠡ

ᠬᠠᠭᠠᠨ ᠤ ᠣᠷᠳᠣᠨ ᠥᠷᠦᠬᠡ ᠶᠢ ᠲᠤᠰᠬᠠᠢ ᠬᠠᠷᠢᠭᠤᠴᠠᠨ ᠬᠠᠮᠠᠭᠠᠯᠠᠵᠤ ᠪᠠᠶᠢᠭᠰᠠᠨ ᠠᠴᠠ ᠪᠠᠨ ᠡᠵᠡᠨ ᠤ ᠭᠡᠷᠢᠶᠡᠰ ᠢ ᠨᠠᠢᠮᠠᠨ ᠴᠠᠭᠠᠨ ᠭᠡᠷ ᠲᠤ ᠬᠠᠳᠠᠭᠠᠯᠠᠨ ᠰᠠᠬᠢᠵᠤ

ᠳᠠᠬᠢᠵᠤ ᠪᠠᠶᠢᠭᠰᠠᠨ ᠢ ᠨᠤᠲᠠᠯᠠᠵᠠᠢ᠃ ᠭᠡᠪᠡᠴᠦ ᠡᠨᠡ ᠦᠶ᠎ᠡ ᠳᠤ ᠵᠢᠩᠬᠢᠨᠢ ᠵᠠᠰᠠᠭ ᠵᠠᠬᠢᠷᠭᠠᠨ ᠤ ᠨᠠᠷ᠎ᠡ ᠪᠣᠯᠵᠤ ᠴᠢᠳᠠᠭᠠᠳᠤᠢ ᠪᠠᠶᠢᠵᠠᠢ᠃

4.jpg

5.jpg

     ᠪᠠᠲᠤᠮᠦ᠋ᠩᠬᠡ ᠳᠠᠶᠠᠨ ᠬᠠᠭᠠᠨ ᠪᠦᠬᠦ ᠮᠣᠩᠭᠤᠯ ᠢ ᠳᠠᠬᠢᠨ ᠨᠢᠭᠡᠳᠬᠡᠭᠰᠡᠨ ᠤ ᠳᠠᠷᠠᠭ᠎ᠠ 1470 ᠣᠨ ᠳᠤ ᠪᠦᠬᠦ ᠮᠣᠩᠭᠤᠯ ᠢ ᠵᠡᠭᠦᠨ ᠪᠠᠷᠠᠭᠤᠨ ᠵᠢᠷᠭᠤᠭᠠᠨ

ᠲᠦᠮᠡᠨ ᠬᠤᠪᠢᠶᠠᠵᠤ ᠭᠤᠷᠪᠠᠳᠤᠭᠠᠷ ᠬᠥᠪᠡᠭᠦᠨ ᠪᠠᠷᠰᠪᠤᠯᠤᠳ ᠲᠤ ᠪᠠᠷᠠᠭᠤᠨ ᠭᠠᠷᠤᠨ ᠣᠷᠳᠣᠰ᠂ ᠶᠥᠩᠰᠢᠶᠡᠪᠤ᠂ ᠠᠷᠪᠠᠨ ᠬᠤᠶᠠᠷ ᠲᠦᠮᠡᠳ ᠵᠡᠷᠭᠡ ᠭᠤᠷᠪᠠᠨ

ᠲᠦᠮᠡᠨ ᠢ ᠡᠵᠡᠯᠡᠭᠦᠯᠦᠭᠡᠳ ︽ᠣᠷᠳᠣᠰ︾ ᠭᠡᠰᠡᠨ ᠦᠭᠡ ᠵᠢᠩᠬᠢᠨᠢ ᠪᠠᠷ ᠵᠠᠰᠠᠭ ᠵᠠᠬᠢᠷᠭᠠᠨ ᠤ ᠨᠡᠷ᠎ᠡ ᠪᠣᠯᠵᠤ ᠬᠤᠪᠢᠷᠠᠭᠰᠠᠨ ᠪᠠᠶᠢᠨ᠎ᠠ᠃ ᠴᠢᠩ ᠤᠯᠤᠰ ᠮᠣᠩᠭᠤᠯ

ᠤᠯᠤᠰ ᠢ ᠡᠷᠬᠡᠰᠢᠶᠡᠯ ᠳᠡᠭᠡᠨ ᠣᠷᠣᠭᠤᠯᠤᠭᠰᠠᠨ ᠤ ᠳᠠᠷᠠᠭ᠎ᠠ ᠡᠶᠡᠪᠡᠷ ᠵᠠᠰᠠᠭᠴᠢ ᠶᠢᠨ ᠵᠢᠷᠭᠤᠳᠤᠭᠠᠷ ᠣᠨ (1649)᠎ ᠳᠤ ︽ᠶᠡᠭᠡ ᠵᠣᠣ︾ ᠭᠡᠪᠡ᠃ ᠣᠳᠣ ᠶᠢᠨ ᠳᠠᠯᠠᠳ

ᠬᠤᠰᠢᠭᠤᠨ ᠤ ᠬᠢᠵᠠᠭᠠᠷ ᠲᠤ ᠪᠠᠶᠢᠭ᠎ᠠ ᠸᠠᠩ ᠤᠨ ᠭᠤᠣᠯ ᠤᠨ ᠳᠡᠷᠭᠡᠳᠡ ᠱᠠᠭᠵᠠᠮᠤᠨᠢ ᠪᠤᠷᠬᠠᠨ ᠤ ᠠᠷᠪᠠᠨ ᠬᠤᠶᠠᠷ ᠨᠠᠰᠤᠨ ᠤ ᠦᠶ᠎ᠡ ᠶᠢᠨ ᠬᠦᠷᠦᠭ ᠢ ᠰᠢᠲᠦᠭᠡᠨ

ᠪᠣᠯᠭᠠᠨ ᠲᠠᠬᠢᠭᠰᠠᠨ ᠰᠦᠮ᠎ᠡ ᠶᠢᠨ ᠶᠡᠭᠡ ᠵᠣᠣ ᠭᠡᠳᠡᠭ ᠲᠤᠯᠠ ᠣᠷᠳᠣᠰ ᠲᠦᠮᠡᠨ ᠢ ᠰᠦᠮ᠎ᠡ ᠶᠢᠨ ᠨᠠᠷ᠎ᠡ ᠪᠠᠷ ᠶᠡᠭᠡ ᠵᠣᠣ ᠶᠢᠨ ᠴᠢᠭᠤᠯᠭᠠᠨ ᠪᠣᠯᠭᠠᠨ ᠥᠭᠡᠷᠡᠴᠢᠯᠡᠵᠦ᠂

ᠭᠤᠮᠪᠤ ᠪᠤᠷᠬᠠᠨ ᠤ ᠵᠢᠷᠭᠤᠭᠠᠨ ᠮᠣᠳᠣᠷ ᠢ ᠳᠠᠭᠤᠷᠢᠶᠠᠯᠭᠠᠨ ᠬᠤᠰᠢᠭᠤ ᠬᠤᠪᠢᠶᠠᠬᠤ ᠳᠠᠭᠠᠨ ᠵᠡᠭᠦᠨ ᠭᠠᠷᠤᠨ ᠡᠮᠦᠨᠡᠲᠦ ᠬᠤᠰᠢᠭᠤ (ᠵᠡᠭᠦᠨᠭᠠᠷ)᠂ ᠵᠡᠭᠦᠨ ᠭᠠᠷᠤᠨ

ᠳᠤᠮᠳᠠᠲᠤ ᠬᠤᠰᠢᠭᠤ (ᠵᠢᠶᠦ᠋ᠨ ᠸᠠᠩ)᠂ ᠵᠡᠭᠦᠨ ᠭᠠᠷᠤᠨ ᠬᠤᠶᠢᠲᠤ ᠬᠤᠰᠢᠭᠤ (ᠳᠠᠯᠠᠳ)᠂ ᠪᠠᠷᠠᠭᠤᠨ ᠭᠠᠷᠤᠨ ᠡᠮᠦᠨᠡᠲᠦ ᠬᠤᠰᠢᠭᠤ (ᠦᠦᠰᠢᠨ)᠂ ᠪᠠᠷᠠᠭᠤᠨ ᠭᠠᠷᠤᠨ

ᠳᠤᠮᠳᠠᠲᠤ ᠬᠤᠰᠢᠭᠤ (ᠣᠲᠤᠭ)᠂ ᠪᠠᠷᠠᠭᠤᠨ ᠭᠠᠷᠤᠨ ᠬᠤᠶᠢᠲᠤ ᠬᠤᠰᠢᠭᠤ (ᠬᠠᠩᠭᠢᠨ) ᠭᠡᠵᠦ ᠵᠢᠷᠭᠤᠭᠠᠨ ᠬᠤᠰᠢᠭᠤ ᠪᠣᠯᠭᠠᠵᠠᠢ᠃ ᠰᠡᠭᠦᠯ ᠳᠤ ᠪᠠᠷᠠᠭᠤᠨ ᠭᠠᠷᠤᠨ

ᠡᠮᠦᠨᠡᠲᠦ ᠠᠳᠠᠭ ᠬᠤᠰᠢᠭᠤ (ᠵᠠᠰᠠᠭ)᠎ ᠶᠢ ᠨᠡᠮᠡᠪᠡ᠃ ᠶᠡᠭᠡ ᠵᠣᠣ ᠴᠢᠭᠤᠯᠭᠠᠨ ᠤ ᠳᠣᠲᠣᠷ᠎ᠠ ᠨᠢ ᠡᠯ᠎ᠡ ᠬᠤᠰᠢᠭᠤᠨ ᠤ ᠨᠣᠶᠠᠳ ᠢ ᠴᠤᠭᠯᠠᠭᠤᠯᠵᠤ ᠴᠢᠭᠤᠯᠭᠠᠨ

ᠴᠢᠭᠤᠯᠵᠤ ᠵᠠᠰᠠᠭ ᠲᠦᠷᠦ ᠶᠢᠨ ᠶᠠᠪᠤᠳᠠᠯ ᠢ ᠵᠥᠪᠯᠡᠳᠡᠭ ᠠᠴᠠ ᠶᠡᠭᠡ ᠵᠣᠣ ᠶᠢᠨ ᠴᠢᠭᠤᠯᠭᠠᠨ ᠭᠡᠵᠦ ᠨᠡᠷᠡᠶᠢᠳᠴᠡᠢ᠃ 1949 ᠣᠨ ᠳᠤ ᠴᠢᠯᠦᠭᠡᠯᠡᠭᠳᠡᠭᠰᠡᠨ ᠤ ᠳᠠᠷᠠᠭ᠎ᠠ

︽ᠴᠢᠭᠤᠯᠭᠠᠨ︾᠎ ᠢ ︽ᠠᠶᠢᠮᠠᠭ︾ ᠪᠣᠯᠭᠠᠨ ᠥᠭᠡᠷᠡᠴᠢᠯᠡᠭᠡᠳ ︽ᠶᠡᠭᠡ ᠵᠣᠣ ᠠᠶᠢᠮᠠᠭ︾ ᠪᠣᠯᠵᠤ ᠪᠠᠶᠢᠭᠠᠳ 2001 ᠣᠨ ᠤ 2 ᠰᠠᠷ᠎ᠠ ᠶᠢᠨ 26᠎ ᠳᠤ ᠤᠯᠤᠰ ᠤᠨ

ᠶᠠᠪᠤᠳᠠᠯ ᠤᠨ ᠬᠤᠷᠢᠶᠠᠨ ᠤ ᠵᠥᠪᠰᠢᠶᠡᠷᠡᠯ ᠢᠶᠠᠷ ᠶᠡᠭᠡ ᠵᠣᠣ ᠠᠶᠢᠮᠠᠭ ᠨᠢ ᠥᠷᠭᠡᠵᠢᠵᠦ ᠬᠥᠭᠵᠢᠭᠡᠳ ᠣᠷᠳᠣᠰ ᠬᠤᠲᠠ ᠪᠣᠯᠭᠠᠪᠠ᠃ ᠢᠩᠭᠢᠭᠡᠳ᠂ ᠣᠷᠳᠣᠰ ᠤᠨ ᠤᠯᠤᠰ

ᠲᠦᠷᠦ᠂ ᠠᠵᠤ ᠠᠬᠤᠢ᠂ ᠰᠣᠶᠣᠯ ᠲᠡᠦᠬᠡ ᠶᠢᠨ ᠲᠥᠪ ᠪᠣᠯᠵᠤ ᠣᠷᠳᠣᠰ ᠮᠣᠩᠭᠤᠯᠴᠤᠳ ᠤᠨ ᠣᠮᠣᠭᠰᠢᠯ ᠪᠣᠯᠤᠭᠰᠠᠨ ᠪᠠᠶᠢᠨ᠎ᠠ᠃

ᠢᠷᠡᠯᠲᠡ᠄ ᠦᠦᠰᠢᠨ ᠬᠤᠰᠢᠭᠤᠨ ᠤ ᠨᠡᠶᠢᠲᠡᠯᠡᠯ