ᠠᠮᠧᠷᠢᠺᠠ ᠶᠢᠨ ᠳ᠋ᠦᠺ ᠶᠡᠭᠡ ᠰᠤᠷᠭᠠᠭᠤᠯᠢ ᠶᠢᠨ ᠰᠤᠳᠤᠯᠭᠠᠲᠠᠳ ᠠᠴᠠ 101 ᠮᠠᠰᠢᠨ ᠲᠡᠷᠭᠡᠨ ᠳᠤ ᠪᠠᠶᠢᠴᠠᠭᠠᠯᠲᠠ ᠬᠢᠭᠰᠡᠨ ᠤ ᠳ᠋ᠦᠩ ᠳᠤ ᠴᠥᠮ ᠰᠢᠲᠠᠯᠲᠠ | ᠶᠢ ᠬᠤᠷᠢᠭᠯᠠᠬᠤ ᠡᠳ᠋ ᠪᠠᠶᠢᠬᠤ ᠶᠢ ᠪᠠᠶᠢᠴᠠᠭᠠᠨ ᠣᠯᠵᠠᠢ᠃ ᠡᠭᠦᠨ ᠳᠤ 99% ᠶᠢᠨ ᠮᠠᠰᠢᠨ ᠲᠡᠷᠭᠡᠨ ᠳᠤ ᠹᠣᠰᠹᠣᠷ ᠬᠦᠴᠢᠯ ᠤᠨ ᠭᠤᠷᠪᠠᠴᠢ ᠡᠰᠲ᠋ᠧᠷ ᠠᠭᠤᠯᠵᠤ | ᠪᠠᠶᠢᠳᠠᠭ᠃ ᠡᠨᠡ ᠪᠣᠯ ᠨᠢᠭᠡ ᠵᠦᠢᠯ ᠤᠨ ᠰᠢᠲᠠᠯᠲᠠ ᠶᠢ ᠬᠤᠷᠢᠭᠯᠠᠬᠤ ᠡᠳ᠋ ᠪᠠᠶᠢᠵᠤ᠂ ᠣᠲᠣ ᠶᠠᠭ ᠠᠮᠧᠷᠢᠺᠠ ᠶᠢᠨ ᠤᠯᠤᠰ ᠤᠨ ᠬᠤᠣᠷ ᠵᠦᠢ ᠶᠢᠨ ᠤᠬᠠᠭᠠᠨ ᠤ | ᠲᠥᠯᠥᠪᠯᠡᠭᠡ ᠶᠢᠨ ᠪᠠᠶᠢᠴᠠᠭᠠᠯᠲᠠ ᠶᠢ ᠬᠦᠯᠢᠶᠡᠵᠦ ᠪᠠᠶᠢᠨ᠎ᠠ᠂ ᠡᠨᠡ ᠨᠢ ᠥᠮᠡᠨ ᠡᠭᠦᠰᠬᠡᠬᠦ ᠰᠡᠵᠢᠭ ᠲᠠᠢ ᠪᠣᠳᠠᠰ ᠮᠥᠨ᠃ ᠣᠯᠠᠩᠬᠢ ᠲᠣᠭᠠᠨ ᠤ ᠮᠠᠰᠢᠨ ᠲᠡᠷᠭᠡᠨ ᠳᠤ | ᠪᠠᠰᠠ ᠪᠤᠰᠤᠳ ᠣᠷᠭᠠᠨᠢᠭ ᠹᠣᠰᠹᠣᠷ ᠬᠦᠴᠢᠯ ᠤᠨ ᠡᠰᠲ᠋ᠧᠷ ᠤᠨ ᠰᠢᠲᠠᠯᠲᠠ ᠶᠢ ᠬᠤᠷᠢᠭᠯᠠᠬᠤ ᠡᠳ᠋ ᠪᠠᠶᠢᠳᠠᠭ᠂ ᠡᠭᠦᠨ ᠳᠤ ᠭᠤᠷᠪᠠᠨ ᠹᠣᠰᠹᠣᠷ ᠬᠦᠴᠢᠯ ᠤᠨ ᠳᠠᠪᠤᠰᠤ | ᠪᠣᠯᠣᠨ ᠭᠤᠷᠪᠠᠨ ᠹᠣᠰᠹᠣᠷ ᠬᠦᠴᠢᠯ ᠤᠨ ᠡᠰᠲ᠋ᠧᠷ ᠪᠠᠭᠲᠠᠨ᠎ᠠ᠂ ᠡᠨᠡ ᠬᠤᠶᠠᠷ ᠵᠦᠢᠯ ᠪᠣᠯ ᠴᠥᠮ ᠠᠮᠧᠷᠢᠺᠠ ᠶᠢᠨ ᠺᠠᠯᠢᠹᠣᠷᠨᠢᠶ᠎ᠠ ᠵᠧᠦ ᠶᠢᠨ 65 ᠳ᠋ᠤᠭᠠᠷ ᠲᠣᠭᠠᠲᠤ | ᠳᠤᠷᠠᠳᠤᠯᠭ᠎ᠠ ᠳᠤ ᠵᠢᠭᠠᠵᠤ ᠭᠠᠷᠭᠠᠭᠰᠠᠨ ᠥᠮᠡᠨ ᠡᠭᠦᠰᠬᠡᠬᠦ ᠪᠣᠳᠠᠰ ᠪᠣᠯᠣᠨ᠎ᠠ᠃ ᠡᠳᠡᠭᠡᠷ ᠰᠢᠲᠠᠯᠲᠠ ᠶᠢ ᠬᠤᠷᠢᠭᠯᠠᠬᠤ ᠡᠳ᠋ ᠨᠢ ᠪᠠᠰᠠ ᠮᠡᠳᠡᠷᠡᠯ ᠪᠠ ᠦᠷᠡᠵᠢᠯ ᠤᠨ | ᠰᠢᠰᠲ᠋ᠧᠮ ᠤᠨ ᠭᠡᠮᠲᠦᠯ ᠲᠠᠢ ᠬᠠᠷᠢᠴᠠᠭ᠎ᠠ ᠲᠠᠢ᠃ ᠰᠤᠳᠤᠯᠭᠠᠨ ᠳᠤ ᠪᠠᠰᠠ ᠴᠠᠭ ᠠᠭᠤᠷ ᠳᠤᠯᠠᠭᠠᠷᠠᠬᠤ ᠨᠢ ᠰᠢᠲᠠᠯᠲᠠ ᠶᠢ ᠬᠤᠷᠢᠭᠯᠠᠬᠤ ᠡᠳ᠋ ᠤᠨ ᠥᠳᠬᠡᠴᠡ ᠶᠢᠨ | ᠳᠡᠭᠡᠭᠰᠢᠯᠡᠯᠲᠡ ᠲᠠᠢ ᠬᠤᠯᠪᠤᠭ᠎ᠠ ᠲᠠᠢ ᠭᠡᠳᠡᠭ ᠢ ᠢᠯᠡᠷᠡᠭᠦᠯᠵᠡᠢ᠃ ᠰᠤᠳᠤᠯᠭᠠᠲᠠᠳ ᠠᠴᠠ ᠲᠡᠷᠭᠡᠨ ᠤ ᠴᠣᠩᠬᠤ ᠶᠢ ᠨᠡᠭᠡᠭᠡᠬᠦ ᠶᠢᠨ ᠬᠠᠮᠲᠤ ᠲᠡᠷᠭᠡ ᠪᠠᠨ ᠰᠡᠭᠦᠳᠡᠷ ᠲᠤ | ᠵᠣᠭᠰᠣᠭᠠᠪᠠᠯ ᠲᠡᠷᠭᠡᠨ ᠳᠣᠲᠣᠷᠠᠬᠢ ᠰᠢᠲᠠᠯᠲᠠ ᠶᠢ ᠬᠤᠷᠢᠭᠯᠠᠬᠤ ᠡᠳ᠋ ᠤᠨ ᠯᠡᠪᠡᠷᠡᠬᠦ ᠶᠢ ᠪᠠᠭᠠᠰᠬᠠᠵᠤ ᠪᠤᠯᠬᠤ ᠪᠣᠯᠣᠮᠵᠢ ᠪᠤᠢ ᠭᠡᠵᠦ ᠪᠠᠶᠢᠯ᠎ᠠ᠃ | |