ᠬᠤᠩ ᠬᠠᠢ ᠲᠤᠤ᠄ ᠰᠠᠨᠰᠠᠷ ᠤᠨ ᠠᠶᠠᠯᠠᠯ ᠤᠨ ᠦᠢᠯᠡᠰ ᠲᠤ ᠬᠦᠴᠦᠨ ᠴᠢᠳᠠᠯ ᠢᠶᠠᠨ ᠡᠷᠭᠦᠨ᠎ᠡ
ᠨᠡᠶᠢᠲᠡᠯᠡᠭᠰᠡᠨ ᠴᠠᠭ᠄
2024/6/27
      ︽ᠰᠠᠨᠰᠠᠷ ᠤᠨ ᠠᠶᠠᠯᠠᠯ ᠤᠨ ᠦᠢᠯᠡᠳᠬᠦᠨ ᠦᠢᠯᠡᠳᠬᠦ ᠳᠤ ᠡᠷᠬᠡᠪᠰᠢ ᠥᠴᠥᠬᠡᠨ ᠴᠦ ᠭᠡᠮ ᠰᠣᠭᠤᠭ ᠪᠠᠶᠢᠵᠤ ᠪᠤᠯᠬᠤ ᠦᠭᠡᠢ︾︕ ᠲᠤᠬᠠᠢ ᠶᠢᠨ ᠦᠶ᠎ᠡ ᠳᠤ ᠪᠠᠭᠰᠢ ᠶᠢᠨ ᠢᠶᠠᠨ ᠬᠡᠯᠡᠭᠰᠡᠨ ᠦᠭᠡ ᠶᠢ ᠬᠤᠩ ᠬᠠᠢ ᠲᠤᠤ ᠣᠲᠣ ᠪᠤᠯᠳᠠᠯ᠎ᠠ ᠲᠣᠪ ᠲᠣᠳᠣ ᠴᠡᠭᠡᠵᠢᠯᠡᠭᠰᠡᠭᠡᠷ᠃     ︽ᠤᠷᠠᠨ ᠲᠠᠷᠬᠠᠨ ᠤ ᠵᠣᠷᠢᠭ ᠰᠠᠨᠠᠭ᠎ᠠ ᠶᠢ ᠤᠯᠠᠮᠵᠢᠯᠠᠨ ᠵᠠᠯᠭᠠᠮᠵᠢᠯᠠᠬᠤ ᠬᠡᠷᠡᠭᠲᠡᠢ︾᠃ ᠲᠦᠷᠦᠭᠦᠬᠡᠨ᠂ ᠪᠦᠭᠦ ᠣᠷᠣᠨ ᠤ ︽ᠭᠦᠳᠡᠯᠮᠦᠷᠢ ᠶᠢᠨ ᠵᠢᠱᠢᠶᠡᠴᠢ ᠶᠢᠨ ᠵᠣᠷᠢᠭ ᠰᠠᠨᠠᠭ᠎ᠠ ᠶᠢ ᠤᠯᠠᠮᠵᠢᠯᠠᠵᠤ ᠤᠯᠤᠰ ᠢᠶᠠᠨ ᠬᠦᠴᠦᠷᠬᠡᠭᠵᠢᠭᠦᠯᠬᠦ ᠪᠦᠲᠦᠭᠡᠨ ᠪᠠᠶᠢᠭᠤᠯᠤᠯᠲᠠ ᠦᠨᠳᠦᠰᠦᠲᠡᠨ ᠢᠶᠠᠨ ᠮᠠᠨᠳᠤᠭᠤᠯᠬᠤ ᠠᠭᠤᠤ ᠦᠢᠯᠡᠰ ᠲᠤ ᠪᠢ ᠪᠤᠢ — ᠭᠦᠳᠡᠯᠮᠦᠷᠢ ᠶᠢᠨ ᠵᠢᠱᠢᠶᠡᠴᠢ ᠤᠷᠠᠨ ᠳᠠᠷᠬᠠᠨ ᠰᠤᠷᠭᠠᠭᠤᠯᠢ ᠶᠢᠨ ᠬᠦᠷᠢᠶᠡᠨ ᠳᠤ ᠣᠷᠣᠬᠤ︾ ᠠᠵᠢᠯᠯᠠᠭ᠎ᠠ ᠶᠢᠨ ᠪᠦᠭᠦ ᠤᠯᠤᠰ ᠤᠨ ᠵᠢᠱᠢᠶ᠎ᠡ ᠦᠵᠡᠭᠦᠯᠭᠦ ᠠᠵᠢᠯᠯᠠᠭ᠎ᠠ ᠳᠤᠮᠳᠠ᠂ ︽ᠲᠣᠮᠣ ᠤᠯᠤᠰ ᠤᠨ ᠤᠷᠠᠨ ᠳᠠᠷᠬᠠᠨ︾ ᠬᠤᠩ ᠬᠠᠢ ᠲᠤᠤ ᠡᠨᠡ ᠦᠭᠡ ᠶᠢ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠵᠠᠯᠠᠭᠤ ᠰᠤᠷᠤᠬᠴᠢᠳ ᠲᠤ ᠶᠠᠷᠢᠪᠠ᠃     ᠮᠡᠷᠭᠡᠵᠢᠯ ᠤᠨ ᠰᠤᠷᠭᠠᠭᠤᠯᠢ ᠠᠴᠠ ᠲᠡᠭᠦᠰᠦᠭᠰᠡᠨ ᠤ ᠲᠠᠷᠠᠭ᠎ᠠ ᠳᠤᠮᠳᠠᠳᠤ ᠤᠯᠤᠰ ᠤᠨ ᠰᠠᠨᠰᠠᠷ ᠤᠨ ᠠᠶᠠᠯᠠᠯ ᠤᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤᠨ ᠠᠵᠤ ᠦᠢᠯᠡᠳᠪᠦᠷᠢ ᠶᠢᠨ ᠵᠢᠷᠭᠤᠳᠤᠭᠠᠷ ᠬᠦᠷᠢᠶᠡᠯᠡᠩ ᠤᠨ ᠬᠤᠩ ᠭᠠᠩ ᠺᠤᠮᠫᠠᠨᠢ ᠳᠤ ᠣᠷᠣᠵᠤ ᠵᠣᠷᠭᠤᠬᠤ ᠠᠵᠢᠯᠴᠢᠨ ᠪᠠᠶᠢᠭᠰᠠᠨ ᠠᠴᠠ ᠪᠠᠨ ᠡᠳᠦᠭᠡ ᠶᠢᠨ ᠣᠨᠴᠠ ᠲᠡᠰ ᠤᠨ ᠮᠧᠬᠠᠨᠢᠭᠴᠢ ᠪᠤᠯᠳᠠᠯ᠎ᠠ᠂ ᠣᠶᠢᠷ᠎ᠠ ᠶᠢᠨ 30 ᠵᠢᠯ ᠳᠤ ᠰᠠᠨᠰᠠᠷ ᠤᠨ ᠠᠶᠠᠯᠠᠯ ᠤᠨ ᠲᠣᠨᠣᠭᠯᠠᠯ ᠤᠨ ᠦᠢᠯᠡᠳᠪᠦᠷᠢᠯᠡᠯ ᠤᠨ ᠱᠤᠭᠤᠮ ᠳᠤ ᠠᠵᠢᠯᠯᠠᠭᠠᠳ᠂ ᠬᠤᠩ ᠬᠠᠢ ᠲᠤᠤ ᠥᠪᠡᠷ ᠤᠨ ᠪᠡᠶ᠎ᠡ ᠪᠠᠷ ᠢᠶᠠᠨ ᠪᠤᠯᠪᠠᠰᠤᠷᠠᠭᠤᠯᠵᠤ ᠪᠠᠶᠢᠭ᠎ᠠ ᠨᠢ ᠵᠥᠪᠭᠡᠨ ᠦᠢᠯᠡᠳᠬᠦᠨ ᠲᠡᠳᠦᠢ ᠪᠢᠰᠢ᠂ ᠨᠡᠩ ᠴᠤ ᠨᠢᠭᠡ ᠬᠤᠪᠢ ᠡᠭᠦᠷᠭᠡ ᠬᠠᠷᠢᠭᠤᠴᠠᠯᠭ᠎ᠠ ᠪᠤᠯᠬᠤ ᠶᠢ ᠭᠦᠨᠵᠡᠭᠡᠢ ᠣᠶᠢᠯᠠᠭᠠᠪᠠ᠃     ᠤᠭ ᠰᠠᠨᠠᠭ᠎ᠠ ᠨᠢ ᠬᠦᠰᠡᠯ ᠵᠡᠭᠦᠳᠦ ᠠᠴᠠ ᠢᠷᠡᠯᠲᠡ ᠲᠠᠢ᠃ ᠤᠯᠠᠨ ᠵᠢᠯ ᠤᠨ ᠡᠮᠦᠨ᠎ᠡ ︽ᠳ᠋ᠦᠩ ᠹᠠᠩ ᠬᠤᠩ — ᠨᠢᠭᠡᠳᠦᠭᠡᠷ ᠨᠡᠷᠡᠮᠵᠢᠳᠤ︾ ᠳᠡᠯᠡᠬᠡᠢ ᠶᠢᠨ ᠪᠥᠮᠪᠥᠷᠴᠡᠭ ᠤᠨ ᠬᠢᠮᠡᠯ ᠳᠠᠭᠠᠭᠤᠯᠢ ᠤᠳᠤ ᠶᠢ ᠰᠠᠨᠰᠠᠷ ᠲᠤ ᠠᠮᠵᠢᠯᠲᠠ ᠲᠠᠢ ᠬᠦᠷᠭᠡᠭᠰᠡᠨ ᠦᠯᠢᠭᠡᠷ ᠢ ᠤᠩᠰᠢᠬᠤ ᠳᠤ᠂ ᠲᠡᠭᠦᠨ ᠤ ᠬᠠᠯᠠᠭᠤᠨ ᠴᠢᠰᠤ ᠣᠷᠭᠢᠯᠵᠤ ᠪᠠᠶᠢᠯ᠎ᠠ᠃ ︽ᠤᠯᠤᠰ ᠤᠨ ᠶᠡᠭᠡ ᠶᠠᠪᠤᠳᠠᠯ︾᠎ ᠢ ᠪᠤᠳᠤᠵᠤ᠂ ᠤᠯᠤᠰ ᠤᠨ ᠰᠣᠳᠣᠨ ᠲᠣᠨᠣᠭᠯᠠᠯ ᠢ ᠡᠭᠦᠳᠬᠦ ᠨᠢ ᠲᠡᠭᠦᠨ ᠤ ᠬᠦᠰᠡᠯ ᠵᠡᠭᠦᠳᠦ ᠪᠣᠯᠪᠠ᠃ ᠬᠤᠩ ᠬᠠᠢ ᠲᠤᠤ᠄ ︽ᠲᠤᠬᠠᠢ ᠶᠢᠨ ᠦᠶ᠎ᠡ ᠳᠤ ᠪᠢ ᠭᠠᠷ ᠲᠠᠬᠢ ᠦᠢᠯᠡᠳᠬᠦᠨ ᠢᠶᠠᠨ ᠨᠢᠭᠡ ᠮᠥᠴᠡ ᠴᠦ ᠵᠣᠭᠰᠣᠯ ᠦᠭᠡᠢ ᠬᠢᠵᠦ᠂ ᠰᠠᠨᠰᠠᠷ ᠤᠨ ᠠᠶᠠᠯᠠᠯ ᠤᠨ ᠦᠢᠯᠡᠰ ᠲᠤ ᠥᠪᠡᠷ ᠤᠨ ᠬᠦᠴᠦᠨ ᠴᠢᠳᠠᠯ ᠢᠶᠠᠨ ᠡᠷᠭᠦᠬᠦ ᠬᠦᠰᠡᠯ ᠲᠠᠢ ᠪᠠᠶᠢᠭᠰᠠᠨ︾ ᠭᠡᠵᠦ ᠬᠡᠯᠡᠵᠦ ᠪᠠᠶᠢᠯ᠎ᠠ᠃     ᠬᠦᠰᠡᠯᠡᠩ ᠢᠲᠡᠭᠡᠯ ᠪᠢᠰᠢᠷᠡᠯ ᠢᠶᠠᠨ ᠪᠣᠳᠠᠲᠤ ᠠᠵᠢᠯᠯᠠᠭ᠎ᠠ ᠪᠣᠯᠭᠠᠨ ᠬᠤᠪᠢᠷᠠᠭᠤᠯᠬᠤ ᠪᠠᠷ ᠰᠠᠶ᠋ᠢᠬᠠᠨ ᠱᠠᠪᠢ ᠣᠷᠣᠮᠠᠭᠴᠠ᠂ ᠬᠤᠩ ᠬᠠᠢ ᠲᠤᠤ ᠭᠤᠷᠪᠠᠨ ᠡᠳᠦᠷ ᠤᠨ ᠳᠣᠲᠣᠷ᠎ᠠ ᠨᠢᠭᠡ ᠪᠦᠯᠦᠭ ᠰᠡᠯᠪᠢᠭ ᠲᠤᠨᠤᠭ ᠢ ᠡᠳ᠋ᠰᠢᠭᠦᠯᠦᠨ ᠪᠤᠯᠪᠠᠰᠤᠷᠠᠭᠤᠯᠬᠤ ᠴᠢᠬᠤᠯᠠ ᠡᠭᠦᠷᠭᠡ ᠶᠢ ᠭᠥᠯᠢᠶᠡᠨ ᠠᠪᠴᠠᠢ᠂ ᠡᠨᠡ ᠨᠢ ᠠᠬᠠᠮᠠᠳ ᠪᠠᠭᠰᠢ ᠰᠠᠶ᠋ᠢ ᠪᠡᠶᠡᠯᠡᠭᠦᠯᠵᠦ ᠳᠡᠶᠢᠯᠭᠦ ᠠᠵᠢᠯ ᠪᠣᠯᠣᠨ᠎ᠠ᠂ ᠲᠡᠷᠡ ᠰᠠᠨᠳᠤᠷᠬᠤ ᠮᠥᠷᠲᠡᠭᠡᠨ ᠬᠥᠭᠰᠡᠵᠦ ᠪᠠᠶᠢᠯ᠎ᠠ᠃ ᠲᠡᠷᠡ᠂ ᠠᠵᠢᠯ ᠢᠶᠠᠨ ᠱᠠᠯᠠᠪᠳᠠᠨ ᠬᠢᠵᠦ᠂ ᠨᠢᠭᠡ ᠡᠳᠦᠷ ᠤᠨ ᠬᠤᠭᠤᠴᠠᠭᠠᠨ ᠳᠤ ᠰᠡᠯᠪᠢᠭ ᠲᠣᠨᠤᠭ ᠢᠶᠠᠨ ᠲᠤᠭ᠎ᠠ ᠶᠣᠰᠣᠭᠠᠷ ᠨᠢ ᠴᠢᠨᠠᠷ ᠲᠠᠢ ᠪᠣᠯᠪᠠᠰᠤᠷᠠᠭᠤᠯᠪᠠ᠃ ᠦᠢᠯᠡᠳᠪᠦᠷᠢ ᠶᠢᠨ ᠲᠠᠰᠤᠭ ᠤᠨ ᠡᠷᠭᠢᠯᠡᠭᠴᠢ ᠮᠠᠰᠢ ᠪᠠᠶᠠᠷᠯᠠᠵᠤ᠂ ᠰᠢᠨ᠎ᠡ ᠮᠥᠷᠲᠡᠭᠡᠨ ᠰᠠᠶᠢᠨ ᠰᠠᠤᠷᠢ ᠮᠠᠰᠢᠨ ᠢ ᠱᠠᠩᠨᠠᠯ ᠪᠣᠯᠭᠠᠨ ᠲᠡᠭᠦᠨ ᠳᠤ ᠬᠤᠪᠢᠶᠠᠷᠢᠯᠠᠵᠤ ᠥᠭᠴᠡᠢ᠃ ᠲᠡᠷᠡ᠄ ︽ᠡᠨᠡ ᠪᠣᠯ ᠮᠢᠨᠤ ᠵᠠᠯᠠᠭᠤ ᠨᠠᠰᠤ ᠮᠥᠨ᠂ ᠪᠠᠰᠠ ᠴᠤ ᠲᠦᠭ ᠲᠦᠮᠡᠨ ᠠᠵᠢᠯᠴᠢ ᠪᠣᠷᠣᠭᠵᠢᠭᠤᠨ ᠳᠤᠮᠳᠠᠳᠤ ᠤᠯᠤᠰ ᠤᠨ ᠠᠵᠤ ᠦᠢᠯᠡᠰ ᠤᠨ ᠠᠵᠢᠯᠴᠢᠨ ᠤ ᠵᠠᠯᠠᠭᠤ ᠨᠠᠰᠤ ᠮᠥᠨ᠂ ᠡᠨᠡ ᠬᠦ ᠡᠷᠬᠢᠮ ᠨᠠᠨᠳᠢᠨ ᠥᠩᠭᠡᠷᠡᠯᠲᠡ ᠪᠣᠯ ᠮᠢᠨᠤ ᠨᠢᠭᠡ ᠨᠠᠰᠤᠨ ᠤ ᠡᠳ᠋ ᠪᠠᠶᠠᠯᠢᠭ ᠮᠥᠨ︾ ᠭᠡᠵᠦ ᠬᠡᠯᠡᠪᠡ᠃     ︽ᠶᠠᠮᠠᠷ ᠠᠵᠢᠯ ᠢ ᠬᠢᠪᠡᠯ ᠲᠡᠷᠡ ᠠᠵᠢᠯ ᠢᠶᠠᠨ ᠬᠠᠶᠢᠷᠠᠯᠠᠵᠤ᠂ ᠶᠠᠮᠠᠷ ᠠᠵᠢᠯ ᠢ ᠬᠢᠪᠡᠯ ᠲᠡᠷᠡ ᠠᠵᠢᠯ ᠳᠠᠭᠠᠨ ᠰᠢᠮᠳᠠᠬᠤ ᠬᠡᠷᠡᠭᠲᠡᠢ︾᠃ ᠰᠠᠨᠰᠠᠷ ᠤᠨ ᠠᠶᠠᠯᠠᠯ ᠤᠨ ᠦᠢᠯᠡᠳᠬᠦᠨ ᠨᠢ ᠶᠡᠷᠦ ᠨᠢ ︽ᠳᠡᠭᠡᠳᠦ ᠨᠠᠷᠢᠯᠢᠭ ᠤᠭᠢ︾᠂ ᠳᠡᠭᠡᠳᠦ ᠪᠠᠷᠢᠮᠵᠢᠶ᠎ᠠ᠂ ᠳᠡᠭᠡᠳᠦ ᠶᠠᠰᠤ ᠴᠢᠨᠠᠷ ᠢ ᠲᠥᠯᠥᠭᠡᠯᠡᠵᠦ ᠪᠠᠶᠢᠳᠠᠭ᠂ ᠳᠡᠭᠡᠳᠦ ᠰᠢᠨ᠎ᠡ ᠮᠡᠷᠭᠡᠵᠢᠯ ᠤᠨ ᠮᠠᠲ᠋ᠧᠷᠢᠶᠠᠯ᠂ ᠳᠡᠭᠡᠳᠦ ᠰᠢᠨ᠎ᠡ ᠮᠡᠷᠭᠡᠵᠢᠯ ᠤᠨ ᠲᠠᠰᠤᠷᠠᠯᠳᠠ ᠦᠭᠡᠢ ᠬᠥᠭᠵᠢᠨ ᠰᠢᠨᠡᠳᠬᠦ ᠶᠢ ᠳᠠᠭᠠᠯᠳᠤᠨ᠂ ᠡᠮᠦᠨ᠎ᠡ ᠹᠷᠣᠨᠲ ᠤᠨ ᠠᠵᠢᠯᠯᠠᠭᠴᠢ ᠪᠣᠯᠤᠭᠰᠠᠨ ᠤ ᠬᠤᠪᠢ ᠳᠤ᠂ ︽ᠭᠠᠷ ᠬᠥᠳᠡᠯᠬᠦ︾ ᠴᠢᠳᠠᠪᠤᠷᠢ ᠨᠢ ᠶᠠᠷᠢᠶᠠᠨ ᠦᠭᠡᠢ ᠴᠢᠬᠤᠯᠠ ᠪᠤᠯᠪᠠᠴᠤ ︽ᠲᠠᠷᠢᠬᠢ ᠪᠠᠨ ᠬᠥᠳᠡᠯᠭᠡᠬᠦ︾ ᠴᠢᠳᠠᠪᠤᠷᠢ ᠨᠢ ᠨᠡᠩ ᠲᠣᠪᠣᠶᠢᠮ᠎ᠠ ᠪᠣᠯᠪᠠ᠃     ᠰᠠᠨᠰᠠᠷ ᠤᠨ ᠠᠶᠠᠯᠠᠯ ᠤᠨ ᠨᠢᠭᠡᠨ ᠦᠢᠯᠡᠳᠬᠦᠨ ᠤ ᠰᠡᠯᠪᠢᠭ ᠲᠣᠨᠤᠭ ᠤᠨ ᠤᠷᠠᠯᠠᠯ ᠳᠤ ᠬᠦᠴᠢᠷᠲᠡᠢ ᠵᠦᠢᠯ ᠣᠯᠠᠨ ᠪᠠᠶᠢᠵᠤ᠂ ᠠᠯᠳᠠᠪᠤᠷᠢ ᠶᠢ ᠡᠷᠬᠡᠪᠰᠢ 0.016 ᠮᠢᠯᠢᠮᠧᠲᠷ᠂ ᠥᠭᠡᠷ᠎ᠡ ᠪᠠᠷ ᠬᠡᠯᠡᠪᠡᠯ ᠭᠡᠵᠢᠭᠡᠨ ᠤ ᠰᠢᠷᠬᠡᠭ ᠤᠨ ᠳᠥᠷᠪᠡᠨ ᠤ ᠨᠢᠭᠡ ᠬᠤᠪᠢ ᠳᠣᠲᠣᠷ᠎ᠠ ᠬᠢᠵᠠᠭᠠᠷᠯᠠᠬᠤ ᠬᠡᠷᠡᠭᠲᠡᠢ᠂ ᠤᠯᠠᠮᠵᠢᠯᠠᠯᠲᠤ ᠠᠷᠭ᠎ᠠ ᠪᠠᠷ ᠪᠤᠯᠪᠠᠰᠤᠷᠠᠭᠤᠯᠬᠤ ᠳᠤ ᠬᠢᠷᠢ ᠲᠡᠩᠴᠡᠬᠦ ᠨᠣᠷᠮ᠎ᠠ ᠨᠢ ᠳᠣᠣᠷ᠎ᠠ᠂ ᠦᠷ᠎ᠡ ᠪᠦᠲᠦᠮᠵᠢ ᠨᠢ ᠳᠣᠣᠷ᠎ᠠ ᠪᠠᠶᠢᠳᠠᠭ᠃ ᠡᠨᠡ ᠠᠵᠢᠯ ᠢ ᠬᠤᠷᠳᠤᠨ ᠮᠥᠷᠲᠡᠭᠡᠨ ᠰᠠᠶᠢᠨ ᠬᠢᠬᠦ ᠶᠢᠨ ᠲᠥᠯᠥᠭᠡ᠂ ᠬᠤᠩ ᠬᠠᠢ ᠲᠤᠤ ᠵᠢᠷᠤᠭ ᠲᠥᠯᠥᠪᠯᠡᠭᠡ ᠳᠤ ᠰᠡᠳᠬᠢᠯ ᠲᠠᠯᠪᠢᠵᠤ᠂ ᠠᠰᠠᠭᠤᠳᠠᠯ ᠤᠨ ᠰᠢᠪᠲᠤᠯᠤᠯᠲᠠ ᠶᠢᠨ ᠴᠡᠭ ᠢ ᠡᠷᠢᠨ᠂ ᠪᠤᠯᠪᠠᠰᠤᠷᠠᠭᠤᠯᠬᠤ ᠲᠥᠰᠥᠯ ᠢ ᠠᠬᠢᠨ ᠲᠠᠭᠢᠨ ᠪᠣᠳᠣᠯᠬᠢᠯᠠᠵᠤ ᠪᠠᠶᠢᠪᠠ᠃ ᠬᠡᠴᠢᠨᠡᠨ ᠡᠳᠦᠷ ᠲᠤᠩᠭᠠᠨ ᠪᠣᠳᠣᠯᠬᠢᠯᠠᠬᠤ ᠪᠠ ᠲᠠᠰᠤᠷᠠᠯᠲᠠ ᠦᠭᠡᠢ ᠲᠤᠷᠰᠢᠬᠤ ᠪᠠᠷ ᠳᠠᠮᠵᠢᠨ᠂ ᠡᠴᠦᠰ ᠲᠡᠭᠡᠨ ᠲᠤᠰᠬᠠᠢ ᠠᠷᠭ᠎ᠠ ᠶᠢ ᠲᠥᠯᠥᠪᠯᠡᠨ ᠭᠠᠷᠭᠠᠵᠤ᠂ ᠦᠢᠯᠡᠳᠬᠦᠨ ᠤ ᠨᠢᠭᠡ ᠯᠠ ᠤᠳᠠᠭ᠎ᠠ ᠳᠤ ᠬᠢᠷᠢ ᠲᠡᠩᠴᠡᠭᠰᠡᠨ ᠨᠣᠷᠮ᠎ᠠ ᠶᠢ 95%᠎ ᠠᠴᠠ ᠳᠡᠭᠡᠭᠰᠢ ᠳᠤ ᠬᠦᠷᠭᠡᠵᠦ᠂ ᠦᠢᠯᠡᠳᠪᠦᠷᠢᠯᠡᠯ ᠤᠨ ᠦᠷ᠎ᠡ ᠪᠦᠲᠦᠮᠵᠢ ᠶᠢ 4 ᠳᠠᠭᠢᠨ ᠨᠡᠮᠡᠭᠳᠡᠭᠦᠯᠵᠡᠢ᠃     ᠰᠠᠨᠰᠠᠷ ᠤᠨ ᠠᠶᠠᠯᠠᠯ ᠤᠨ ᠨᠢᠭᠡᠨ ᠦᠢᠯᠡᠳᠬᠦᠨ ᠢ ᠦᠢᠯᠡᠳᠪᠦᠷᠢᠯᠡᠬᠦ ᠠᠴᠠ ᠡᠮᠦᠨ᠎ᠡ᠂ ᠡᠷᠬᠡᠪᠰᠢ ᠲᠡᠮᠦᠷᠯᠢᠭ ᠤᠨ ᠲᠤᠷᠰᠢᠯᠲᠠ ᠶᠢᠨ ᠢᠯᠲᠠᠰᠤ ᠶᠢ ᠰᠠᠯᠭᠠᠭᠰᠠᠨ ᠲᠤᠭ᠎ᠠ ᠪᠠᠷᠢᠮᠲᠠ ᠶᠢᠨ ᠰᠢᠯᠭᠠᠯᠲᠠ ᠶᠢ ᠥᠩᠭᠡᠷᠡᠭᠡᠵᠦ᠂ ᠬᠢᠷᠢ ᠲᠡᠩᠴᠡᠭᠰᠡᠨ ᠤ ᠳᠠᠷᠠᠭ᠎ᠠ ᠰᠠᠶ᠋ᠢ ᠠᠰᠢᠭᠯᠠᠯᠲᠠ ᠳᠤ ᠣᠷᠣᠭᠤᠯᠵᠤ ᠪᠣᠯᠣᠨ᠎ᠠ᠂ ᠲᠤᠰ ᠲᠤᠷᠰᠢᠯᠲᠠ ᠶᠢᠨ ᠢᠯᠲᠠᠰᠤ ᠶᠢ ᠪᠤᠯᠪᠠᠰᠤᠷᠠᠭᠤᠯᠬᠤ ᠦᠶ᠎ᠡ ᠳᠤ ᠦᠢᠯᠡᠳᠪᠦᠷᠢᠯᠡᠯ ᠤᠨ ᠡᠭᠦᠷᠭᠡ ᠲᠤᠶᠢᠯ ᠤᠨ ᠪᠠᠴᠢᠮ ᠪᠠᠶᠢᠪᠠ᠂ ᠬᠤᠩ ᠬᠠᠢ ᠲᠤᠤ ᠪᠣᠯᠣᠨ ᠲᠡᠭᠦᠨ ᠤ ᠪᠦᠯᠭᠦᠮ ᠤᠨ ᠬᠢᠨ ᠨᠢᠭᠡ ᠵᠦᠢᠯ ᠤᠨ ᠠᠷᠭ᠎ᠠ ᠶᠢ ᠡᠭᠦᠳᠦᠨ ᠪᠤᠯᠪᠠᠰᠤᠷᠠᠭᠤᠯᠵᠤ ᠦᠢᠯᠡᠳᠬᠦᠨ ᠢ ᠤᠭᠰᠠᠷᠠᠬᠤ ᠠᠴᠠ ᠠᠪᠤᠭᠠᠳ ᠵᠣᠷᠭᠤᠵᠤ ᠳᠠᠭᠢᠨ ᠦᠢᠯᠡᠳᠪᠦᠷᠢᠯᠡᠯ ᠤᠨ ᠱᠤᠭᠤᠮ ᠠᠴᠠ ᠪᠠᠭᠤᠯᠭᠠᠬᠤ ᠭᠦᠷᠳᠡᠯ᠎ᠠ ᠤᠤᠯ ᠤᠨ 90 ᠮᠢᠨᠦ᠋ᠲ ᠪᠠᠶᠢᠭᠰᠠᠨ ᠢ 1 ᠮᠢᠨᠦ᠋ᠲ ᠪᠣᠯᠭᠠᠨ ᠪᠣᠭᠤᠨᠢᠰᠬᠠᠵᠤ᠂ ᠭᠦᠳᠡᠯᠮᠦᠷᠢ ᠶᠢᠨ ᠡᠷᠴᠢᠮ ᠢ ᠶᠡᠭᠡ ᠪᠠᠷ ᠬᠥᠩᠭᠡᠷᠡᠭᠦᠯᠵᠦ᠂ ᠠᠵᠢᠯ ᠤᠨ ᠦᠷ᠎ᠡ ᠪᠦᠲᠦᠮᠵᠢ ᠶᠢ ᠳᠡᠭᠡᠭᠰᠢᠯᠡᠭᠦᠯᠦᠭᠰᠡᠨ ᠪᠠᠶᠢᠨ᠎ᠠ᠃     ︽ᠠᠵᠢᠯ ᠢᠶᠠᠨ ᠪᠠᠶᠠᠷ ᠪᠠᠭ᠋ᠠᠳᠤᠯ ᠢᠶᠠᠷ ᠦᠵᠡᠪᠡᠯ᠂ ᠠᠵᠢᠯᠯᠠᠬᠤ ᠲᠤᠳᠤᠮ ᠡᠷᠴᠢ ᠬᠦᠴᠦᠨ ᠲᠠᠢ ᠪᠣᠯᠣᠨ᠎ᠠ᠃ ᠥᠪᠡᠷ ᠤᠨ ᠪᠡᠶ᠎ᠡ ᠲᠠᠢ ᠪᠠᠨ ᠥᠰᠢᠯᠳᠦᠵᠦ᠂ ᠲᠡᠭᠦᠯᠳᠡᠷ ᠰᠠᠶᠢᠬᠠᠨ ᠢ ᠲᠠᠰᠤᠷᠠᠯᠲᠠ ᠦᠭᠡᠢ ᠬᠥᠭᠡᠭᠡᠴᠡᠯᠳᠦᠪᠡᠯ ᠰᠠᠶ᠋ᠢ ᠵᠢᠩᠬᠢᠨᠢ ᠤᠷᠠᠨ ᠳᠠᠷᠬᠠᠨ ᠪᠣᠯᠵᠤ ᠴᠢᠳᠠᠨ᠎ᠠ︾᠃ ᠬᠤᠩ ᠬᠠᠢ ᠲᠤᠤ ᠶᠢᠨ ᠦᠵᠡᠬᠦ ᠪᠠᠷ᠂ ᠡᠭᠡᠯ ᠵᠢᠷ ᠤᠨ ᠤᠴᠢᠷ ᠶᠠᠪᠤᠳᠠᠯ ᠢ ᠨᠠᠷᠢᠨ ᠨᠢᠮᠪᠠᠢ ᠬᠢᠵᠦ᠂ ᠰᠡᠳᠬᠢᠬᠦ ᠪᠠ ᠰᠢᠨ᠎ᠡ ᠶᠢ ᠡᠭᠦᠳᠬᠦ ᠨᠢ ᠠᠵᠢᠯ ᠤᠨ ᠳᠤᠮᠳᠠᠬᠢ ᠨᠢᠭᠡ ᠵᠦᠢᠯ ᠤᠨ ᠳᠠᠳᠬᠠᠯ ᠪᠣᠯᠤᠭᠰᠠᠨ ᠦᠶ᠎ᠡ ᠳᠤ᠂ ᠮᠠᠰᠢ ᠣᠯᠠᠨ ᠠᠰᠠᠭᠤᠳᠠᠯ ᠠᠶᠠᠨᠳᠠᠭᠠᠨ ᠰᠢᠢᠳᠪᠦᠷᠢᠯᠡᠭᠳᠡᠬᠦ ᠪᠣᠯᠣᠨ᠎ᠠ᠃ ᠣᠶᠢᠷ᠎ᠠ ᠶᠢᠨ ᠵᠢᠯ ᠳᠤ᠂ ᠲᠡᠷᠡ ᠥᠪᠡᠰᠦᠪᠡᠨ ᠵᠠᠭᠤ ᠰᠢᠬᠠᠮ ᠵᠦᠢᠯ ᠤᠨ ᠭᠠᠷ ᠤᠷᠠᠯᠠᠯ ᠤᠨ ᠲᠣᠨᠣᠭᠯᠠᠯ ᠢ ᠵᠢᠷᠤᠵᠤ ᠲᠥᠯᠥᠪᠯᠡᠨ ᠦᠢᠯᠡᠳᠴᠦ᠂ ᠤᠯᠠᠨ ᠵᠦᠢᠯ ᠤᠨ ᠦᠢᠯᠡᠳᠪᠦᠷᠢᠯᠡᠯ ᠤᠨ ᠪᠣᠭᠤᠮᠢ ᠶᠢᠨ ᠠᠰᠠᠭᠤᠳᠠᠯ ᠢ ᠰᠢᠢᠳᠪᠦᠷᠢᠯᠡᠪᠡ᠃ ᠲᠢᠲ᠋ᠠᠨ ᠬᠠᠶᠢᠯᠤᠰᠢ᠂ ᠭᠡᠳᠦ ᠥᠨᠳᠥᠷ ᠬᠦᠴᠦᠯᠡᠴᠡ ᠲᠠᠢ ᠪᠣᠯᠣᠳ᠂ ᠵᠢᠪᠡᠷᠡᠬᠦ ᠦᠭᠡᠢ ᠪᠣᠯᠣᠳ ᠵᠡᠷᠭᠡ ᠮᠠᠲ᠋ᠧᠷᠢᠶᠠᠯ ᠢ ᠵᠣᠷᠭᠤᠬᠤ ᠵᠢᠴᠢ ᠨᠢᠮᠭᠡᠨ ᠬᠠᠨᠠᠲᠤ ᠲᠤᠨᠤᠭ᠂ ᠨᠠᠷᠢᠨ ᠤᠷᠳᠤ ᠲᠡᠩᠭᠡᠯᠢᠭ᠂ ᠣᠨᠴᠠ ᠲᠦᠷᠦᠯ ᠤᠨ ᠡᠷᠭᠢᠭᠦᠯᠭᠡᠨ ᠬᠤᠪᠢᠯ᠂ ᠤᠯᠠᠨ ᠲᠣᠯᠣᠭᠠᠶᠢᠲᠤ ᠮᠤᠰᠬᠢᠷᠠᠭ᠎ᠠ ᠪᠠᠭᠠᠨ᠎ᠠ ᠵᠡᠷᠭᠡ ᠶᠢ ᠪᠤᠯᠪᠠᠰᠤᠷᠠᠭᠤᠯᠬᠤ ᠳᠤ ᠬᠦᠴᠢᠷ ᠶᠡᠭᠡ ᠰᠡᠯᠪᠢᠭ ᠲᠤᠨᠤᠭ ᠢ ᠵᠣᠷᠭᠤᠬᠤ ᠶᠠᠪᠤᠴᠠ ᠳᠠᠭᠠᠨ ᠮᠠᠰᠢ ᠤᠯᠠᠨ ᠣᠨᠴᠠ ᠮᠡᠷᠭᠡᠵᠢᠯ ᠤᠨ ᠣᠨᠴᠠ ᠡᠷᠳᠡᠮ ᠢ ᠰᠦᠪᠡᠭᠴᠢᠯᠡᠵᠦ ᠭᠠᠷᠭᠠᠪᠠ᠃     ᠬᠤᠩ ᠬᠠᠢ ᠲᠤᠤ ᠶᠢᠨ ︽ᠲᠦᠭᠦᠬᠡᠢ ᠥᠨᠳᠡᠭᠡ ᠶᠢ ᠵᠣᠷᠭᠤᠬᠤ︾ ᠤᠨᠴᠠᠭᠠᠢ ᠡᠷᠳᠡᠮ ᠨᠢ ᠪᠤᠯᠪᠠᠰᠤᠷᠠᠭᠤᠯᠬᠤ ᠮᠡᠷᠭᠡᠵᠢᠯ ᠤᠨ ᠬᠦᠴᠢᠷ ᠠᠰᠠᠭᠤᠳᠠᠯ ᠢ ᠰᠢᠢᠳᠪᠦᠷᠢᠯᠡᠵᠦ᠂ ᠰᠠᠨᠰᠠᠷ ᠤᠨ ᠠᠶᠠᠯᠠᠯ ᠤᠨ ᠦᠢᠯᠡᠳᠬᠦᠨ ᠤ ᠴᠢᠬᠤᠯᠠ ᠰᠡᠯᠪᠢᠭ ᠲᠤᠨᠤᠭ ᠤᠨ ᠤᠷᠤᠭᠰᠢᠲᠠᠢ ᠠᠰᠢᠭᠯᠠᠯᠲᠠ ᠳᠤ ᠣᠷᠣᠬᠤ ᠶᠢ ᠪᠠᠳᠤᠯᠠᠪᠠ; A4 ᠴᠠᠭᠠᠰᠤ ᠶᠢ ᠡᠩ ᠤᠨ ᠬᠡᠶᠢᠲᠦ ᠪᠥᠮᠪᠦᠭᠡ ᠳᠡᠭᠡᠷ᠎ᠡ ᠲᠠᠯᠪᠢᠭᠠᠳ᠂ ᠥᠪᠡᠰᠦᠪᠡᠨ ᠦᠢᠯᠡᠳᠦᠭᠰᠡᠨ ᠵᠣᠷᠭᠤᠭᠤᠯ ᠭᠢᠲᠤᠭ᠎ᠠ ᠪᠠᠷ ᠢᠶᠠᠨ ᠴᠠᠭᠠᠰᠤᠨ ᠳᠡᠭᠡᠷ᠎ᠡ 13 ᠮᠢᠯᠢᠮᠧᠲᠷ ᠤᠨ ᠳ᠋ᠢᠶᠠᠮᠧᠲᠷ ᠲᠠᠢ ᠲᠣᠭᠤᠷᠢᠭ ᠨᠦᠬᠡ ᠵᠣᠷᠭᠤᠵᠤ ᠭᠠᠷᠭᠠᠬᠤ ᠳᠠᠭᠠᠨ ᠬᠡᠢ ᠪᠥᠮᠪᠦᠭᠡ ᠶᠢ ᠴᠤᠭᠤᠯᠤᠬᠰᠠᠨ ᠦᠭᠡᠢ ᠪᠦᠲᠦᠨ ᠬᠡᠪ ᠢᠶᠠᠷ ᠨᠢ ᠪᠠᠶᠢᠯᠭᠠᠪᠠ᠂ ᠡᠨᠡ ᠬᠦ ᠮᠡᠷᠭᠡᠵᠢᠯ ᠢ ᠭᠤᠮ ᠢᠪᠡᠭᠡᠰᠦ᠂ ᠨᠢᠭᠲᠠ ᠢᠪᠡᠭᠡᠰᠦ ᠵᠡᠷᠭᠡ ᠦᠢᠯᠡᠳᠬᠦᠨ ᠳᠡᠭᠡᠷ᠎ᠡ ᠬᠡᠷᠡᠭᠯᠡᠪᠡ᠃     ᠤᠯᠠᠨ ᠵᠢᠯ ᠤᠨ ᠲᠤᠷᠰᠢ᠂ ᠬᠤᠩ ᠬᠠᠢ ᠲᠤᠤ ᠲᠤᠷᠰᠢᠯᠭ᠎ᠠ ᠪᠠ ᠤᠷ᠎ᠠ ᠴᠢᠳᠠᠪᠤᠷᠢ ᠪᠠᠨ ᠥᠴᠥᠬᠡᠨ ᠴᠦ ᠬᠠᠷᠠᠮ ᠦᠭᠡᠢ ᠱᠠᠪᠢ ᠳᠠᠭᠠᠨ ᠤᠯᠠᠮᠵᠢᠯᠠᠭᠰᠠᠭᠠᠷ ᠢᠷᠡᠵᠠᠢ᠃ ᠲᠡᠷᠡ ᠪᠠᠰᠠ ᠨᠡᠶᠢᠭᠡᠮ ᠤᠨ ᠠᠵᠢᠯᠯᠠᠭᠠᠨ ᠤ ᠲᠣᠭᠢᠶᠠᠯ ᠢ ᠠᠰᠢᠭᠯᠠᠵᠤ᠂ ᠡᠯ᠎ᠡ ᠶᠡᠭᠡ ᠳᠡᠭᠡᠳᠦ ᠰᠤᠷᠭᠠᠭᠤᠯᠢ ᠲᠠᠢ ᠬᠠᠷᠢᠯᠴᠠᠭ᠎ᠠ ᠪᠠᠶᠢᠭᠤᠯᠵᠤ᠂ ᠪᠤᠯᠪᠠᠰᠤᠷᠠᠭᠤᠯᠬᠤ ᠤᠷ᠎ᠠ ᠮᠡᠷᠭᠡᠵᠢᠯ ᠵᠢᠭᠠᠵᠤ᠂ ᠵᠣᠷᠭᠤᠬᠤ ᠮᠡᠷᠭᠡᠵᠢᠯ ᠢ ᠰᠤᠳᠤᠯᠤᠨ ᠬᠡᠷᠡᠭᠯᠡᠬᠦ ᠪᠠ ᠰᠤᠷᠭᠠᠭᠤᠯᠢ ᠳᠤ ᠪᠠᠶᠢᠭ᠎ᠠ ᠰᠤᠷᠤᠬᠴᠢᠳ ᠤᠨ ᠤᠷ᠎ᠠ ᠴᠢᠳᠠᠪᠤᠷᠢ ᠶᠢᠨ ᠪᠣᠯᠪᠠᠰᠤᠷᠠᠯ ᠢ ᠥᠷᠨᠢᠭᠦᠯᠵᠦ᠂ ᠰᠦᠯᠵᠢᠶᠡᠨ ᠳᠡᠭᠡᠷ᠎ᠡ ᠪᠠ ᠰᠦᠯᠵᠢᠶᠡᠨ ᠭᠠᠳᠠᠨ᠎ᠠ ᠨᠡᠶᠢᠲᠡ 7500 ᠭᠠᠷᠤᠢ ᠬᠥᠮᠥᠨ ᠤᠳᠠᠭ᠎ᠠ ᠳᠤ ᠪᠣᠯᠪᠠᠰᠤᠷᠠᠯ ᠬᠦᠷᠲᠡᠭᠡᠵᠡᠢ᠃     ᠬᠤᠩ ᠬᠠᠢ ᠲᠤᠤ᠄ ︽ᠲᠤᠬᠠᠢ ᠶᠢᠨ ᠵᠢᠯ ᠤᠨ ᠪᠠᠭᠰᠢ ᠲᠠᠢ ᠪᠠᠨ ᠠᠳᠠᠯᠢ ᠪᠠᠷ᠂ ᠪᠢ ᠪᠠᠰᠠ ᠤᠯᠠᠮᠵᠢᠯᠠᠬᠤ ᠬᠠᠪᠰᠤᠷᠬᠤ ᠳᠠᠭᠠᠭᠤᠯᠬᠤ ᠠᠵᠢᠯ ᠢ ᠴᠢᠷᠮᠠᠶᠢᠨ ᠰᠠᠶᠢᠲᠤᠷ ᠬᠢᠵᠦ᠂ ᠰᠠᠨᠰᠠᠷ ᠤᠨ ᠠᠶᠠᠯᠠᠯ ᠤᠨ ᠵᠣᠷᠢᠭ ᠰᠠᠨᠠᠭ᠎ᠠ᠂ ᠤᠷᠠᠨ ᠳᠠᠷᠬᠠᠨ ᠤ ᠵᠣᠷᠢᠭ ᠰᠠᠨᠠᠭ᠎ᠠ ᠶᠢ ᠪᠡᠶ᠎ᠡ ᠪᠠᠷ ᠢᠶᠠᠨ ᠤᠯᠠᠮᠵᠢᠯᠠᠨ ᠵᠠᠯᠭᠠᠮᠵᠢᠯᠠᠵᠤ᠂ ᠥᠩᠭᠡᠷᠡᠭᠰᠡᠨ ᠲᠠᠢ ᠪᠠᠨ ᠠᠳᠠᠯᠢ ᠪᠠᠷ ᠠᠵᠢᠯ ᠪᠦᠷᠢ ᠪᠠᠨ ᠰᠠᠶᠢᠲᠤᠷ ᠬᠢᠵᠦ᠂ ᠪᠣᠭᠤᠮᠲᠠ ᠪᠦᠷᠢ ᠶᠢ ᠰᠠᠶᠢᠲᠤᠷ ᠡᠵᠡᠮᠳᠡᠵᠦ᠂ ᠤᠯᠤᠰ ᠤᠨ ᠰᠠᠨᠰᠠᠷ ᠤᠨ ᠠᠶᠠᠯᠠᠯ ᠤᠨ ᠲᠣᠨᠣᠭᠯᠠᠯ ᠤᠨ ᠦᠢᠯᠡᠳᠪᠦᠷᠢᠯᠡᠬᠦ ᠦᠢᠯᠡᠳᠬᠦ ᠬᠦᠷᠢᠶᠡᠨ ᠤ ᠥᠷᠨᠢᠭᠦᠨ ᠬᠥᠭᠵᠢᠯᠲᠡ ᠳᠤ ᠬᠦᠴᠦᠨ ᠴᠢᠳᠠᠯ ᠢᠶᠠᠨ ᠡᠷᠭᠦᠨ᠎ᠡ︾ ᠭᠡᠵᠦ ᠪᠠᠶᠢᠯ᠎ᠠ᠃
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ