ᠰᠠᠶᠢᠨ ᠨᠣᠮ ᠢ ᠭᠦᠨ ᠤᠩᠰᠢᠬᠤᠢ
ᠨᠡᠶᠢᠲᠡᠯᠡᠭᠰᠡᠨ ᠴᠠᠭ᠄
2024/6/27
     ᠪᠠᠰᠠ ᠨᠢᠭᠡᠨ ᠳᠡᠯᠡᠬᠡᠢ ᠶᠢᠨ ᠨᠣᠮ ᠤᠩᠰᠢᠬᠤ ᠡᠳᠦᠷ ᠬᠦᠷᠴᠦ ᠢᠷᠡᠬᠦ ᠪᠠᠷ᠂ ᠤᠩᠰᠢᠯᠭ᠎ᠠ ᠶᠢᠨ ᠲᠤᠬᠠᠢ ᠶᠠᠷᠢᠶ᠎ᠠ ᠵᠣᠭᠤᠭ ᠣᠯᠠᠰᠢᠷᠠᠭᠠᠳ ᠢᠷᠡᠬᠦ ᠨᠢ ᠲᠡᠷᠡ᠃ ᠮᠡᠳᠡᠯᠭᠡ ᠭᠡᠰᠡᠭᠷᠡᠵᠦ ᠮᠡᠳᠡᠭᠡ ᠵᠠᠩᠭᠢ ︽ᠳᠡᠯᠪᠡᠷᠡᠭᠰᠡᠨ︾ ᠡᠨᠡ ᠴᠠᠭ ᠦᠶ᠎ᠡ ᠳᠤ ᠲᠤᠰᠬᠠᠶᠢᠯᠠᠨ ᠴᠠᠭ ᠭᠠᠷᠭᠠᠵᠤ ᠨᠣᠮ ᠤᠩᠰᠢᠵᠤ ᠰᠠᠭᠤᠬᠤ ᠬᠥᠮᠥᠰ ᠴᠥᠭᠡᠷᠡᠭᠰᠡᠨ ᠨᠢ ᠢᠯᠡᠳᠲᠡ᠃ ᠬᠤᠷᠭᠤ ᠳᠦᠭᠦᠷᠲᠡᠯ᠎ᠡ ᠵᠡᠷᠭᠡᠯᠡᠭᠰᠡᠨ ᠨᠣᠮ ᠤᠳ ᠠᠴᠠ ᠪᠠᠨ ᠭᠠᠷᠭᠠᠨ ᠠᠪᠴᠤ ᠨᠠᠮ ᠰᠠᠭᠤᠵᠤ ᠠᠮᠲᠠᠷᠬᠠᠨ ᠤᠩᠰᠢᠬᠤ ᠤᠳᠠᠭ᠎ᠠ ᠳᠠᠩᠴᠤ ᠴᠥᠭᠡᠨ ᠭᠡᠬᠦ ᠳᠤ᠂ ᠭᠡᠷ ᠲᠡᠭᠡᠨ ᠣᠷᠣᠮᠠᠭᠴᠠ ᠭᠠᠷ ᠤᠨ ᠠᠶ᠎ᠠ ᠪᠠᠷ ᠭᠠᠷ ᠤᠲᠠᠰᠤ ᠪᠠᠨ ᠳᠡᠯᠭᠡᠵᠦ ᠨᠢᠭᠡ ᠬᠤᠶᠠᠷ ᠴᠠᠭ ᠢ ᠦᠯᠦ ᠮᠡᠳᠡᠭ ᠤᠨ ᠬᠤᠭᠤᠷᠣᠨᠳᠤ ᠥᠩᠭᠡᠷᠡᠭᠦᠯᠵᠦ ᠭᠠᠷᠬᠤ ᠨᠢ ᠨᠡᠯᠢᠶᠡᠳ ᠬᠥᠮᠥᠰ ᠤᠨ ᠵᠤᠷᠰᠢᠯ ᠭᠡᠮᠡᠷ ᠪᠣᠯᠤᠭᠰᠠᠨ ᠨᠢ ᠡᠭᠦᠨ ᠤ ᠨᠢᠭᠡ ᠵᠢᠱᠢᠶ᠎ᠡ ᠪᠠᠶᠢᠯᠲᠠᠢ᠃     ᠭᠠᠷ ᠤᠲᠠᠰᠤ ᠭᠠᠵᠠᠷ ᠶᠡᠭᠡ ᠠᠪᠤᠭᠰᠠᠨ ᠥᠨᠥᠳᠥᠷ ᠤᠷᠮ᠎ᠠ ᠪᠠᠬ᠎ᠠ ᠳᠤ ᠴᠢᠨᠢ ᠵᠣᠬᠢᠴᠠᠭᠤᠯᠤᠭᠰᠠᠨ ᠠᠭᠤᠯᠭ᠎ᠠ ᠪᠠᠷ ᠪᠠᠶᠠᠯᠢᠭ ᠴᠠᠬᠢᠮ ᠸᠢᠳᠢᠤ᠋ ᠪᠢᠴᠢᠯᠭᠡ ᠠᠴᠠ ᠠᠪᠤᠭᠠᠳ ᠨᠢᠳᠦᠨ ᠡᠮᠦᠨ᠎ᠡ ᠴᠢᠨᠢ ᠪᠠᠶᠢᠬᠤ ᠶᠤᠮ ᠰᠢᠭ᠋ ᠰᠠᠨᠠᠭᠳᠠᠭᠤᠯᠳᠠᠭ ᠶᠠᠩᠵᠤ ᠪᠦᠷᠢ ᠶᠢᠨ ᠰᠢᠭᠤᠳ ᠨᠡᠪᠲᠡᠷᠡᠭᠦᠯᠭᠡ ᠶᠢ ᠪᠠᠭᠲᠠᠭᠠᠭᠰᠠᠨ ᠲᠠᠯᠠᠢ ᠶᠡᠭᠡ ᠮᠡᠳᠡᠭᠡ ᠵᠠᠩᠭᠢ ᠬᠠᠷᠠᠭ᠎ᠠ ᠰᠣᠨᠣᠷ ᠢ ᠳᠠᠮᠵᠢᠭᠠᠳ ᠬᠥᠮᠥᠰ ᠢ ︽ᠣᠯᠵᠠᠯᠠᠵᠤ︾ ᠪᠠᠶᠢᠬᠤ ᠨᠢ ᠮᠡᠳᠡᠭᠡᠵᠢ᠃ ᠪᠦᠷᠢᠳᠬᠡᠯ ᠢᠶᠠᠷ᠂ ᠨᠢᠳᠤᠨᠤᠨ ᠳᠤᠮᠳᠠᠳᠤᠴᠤᠳ ᠤᠨ ᠡᠳᠦᠷ ᠳᠤᠮᠳᠠᠴᠢ  ᠶᠢᠨ ᠭᠠᠷ ᠤᠲᠠᠰᠤ ᠱᠠᠭᠠᠶᠢᠵᠤ ᠪᠠᠶᠢᠭ᠎ᠠ ᠴᠠᠭ 7.2 ᠬᠦᠷᠴᠦ ᠪᠠᠶᠢᠨ᠎ᠠ ᠭᠡᠵᠦ ᠪᠤᠢ᠃ ᠭᠠᠷ ᠤᠲᠠᠰᠤ ᠨᠢ ᠨᠢᠭᠡᠨᠲᠡ ᠤᠩᠰᠢᠯᠭ᠎ᠠ ᠳᠤ ᠬᠡᠴᠡᠭᠦᠦ ᠥᠷᠢᠰᠦᠯᠳᠦᠭᠡᠨ ᠠᠪᠴᠢᠷᠠᠭᠰᠠᠨ ᠨᠢ ᠭᠠᠷᠴᠠᠭ᠎ᠠ ᠦᠭᠡᠢ᠃ ᠡᠶᠢᠮᠦ ᠳᠡᠭᠡᠨ ᠨᠣᠮ ᠤᠩᠰᠢᠬᠤ ᠶᠢ ᠵᠠᠷᠢᠮ ᠬᠥᠮᠥᠰ ︽ᠤᠷᠤᠭᠤᠯᠤᠯᠳᠠ ᠪᠠᠭ᠎ᠠ᠂ ᠣᠯᠣᠯᠲᠠ ᠶᠡᠭᠡ︾ ︵ᠠᠳᠡ ᠬᠡᠯᠡᠵᠦ ᠪᠠᠶᠢᠭ᠎ᠠ ᠤᠷᠤᠭᠤᠯᠤᠯᠳᠠ ᠨᠢ ᠵᠣᠭᠤᠰ ᠮᠥᠩᠭᠦᠨ ᠤ ᠤᠷᠤᠭᠤᠯᠤᠯᠳᠠ᠂ ᠣᠯᠣᠯᠲᠠ ᠨᠢ ᠤᠶᠤᠨ ᠰᠠᠨᠠᠭᠠᠨ ᠤ ᠬᠦᠷᠲᠡᠮᠵᠢ ᠶᠢ ᠵᠢᠭᠠᠵᠤ ᠪᠤᠢ︶ ᠭᠡᠬᠦ ᠳᠤ᠂ ᠵᠠᠷᠢᠮᠠᠳ ᠨᠢ ᠤᠳᠤ ᠬᠡᠷᠡᠭᠴᠡᠭᠡ ᠲᠠᠢ ᠮᠡᠳᠡᠭᠡ ᠵᠠᠩᠭᠢ᠂ ᠮᠡᠳᠡᠯᠭᠡ ᠶᠢ ᠪᠦᠷ ᠰᠦᠯᠵᠢᠶᠡᠨ ᠠᠴᠠ ᠬᠠᠶᠢᠵᠤ ᠪᠣᠯᠣᠨ᠎ᠠ᠂ ᠨᠣᠮ ᠤᠩᠰᠢᠬᠤ ᠨᠢ ᠴᠠᠭ ᠤᠨ ᠭᠠᠷᠤᠵᠠ ᠭᠡᠬᠦ ᠣᠨᠳᠣᠣ ᠦᠵᠡᠯᠲᠡ  ᠲᠠᠢ ᠴᠦ ᠪᠠᠶᠢᠳᠠᠭ᠃      ᠦᠨᠡᠨᠳᠡᠭᠡᠨ᠂ ᠠᠵᠢᠯ ᠠᠮᠢᠳᠤᠷᠠᠯ ᠳᠤ ᠲᠣᠬᠢᠶᠠᠯᠳᠤᠬᠤ ᠡᠭᠡᠳᠡᠷᠡᠭᠡ ᠶᠢ ᠪᠠᠭᠲᠠᠭᠠᠭᠰᠠᠨ ᠠᠯᠢ ᠤᠯᠠᠨ ᠠᠰᠠᠭᠤᠳᠠᠯ ᠠᠰᠠᠭᠤᠯᠳᠠ ᠶᠢᠨ ᠬᠠᠷᠢᠭᠤᠯᠲᠠ ᠶᠢ ᠨᠣᠮ ᠠᠴᠠ ᠡᠷᠢᠵᠦ ᠣᠯᠵᠤ ᠪᠤᠯᠳᠠᠬ ᠢᠶᠠᠷ ᠢᠶᠠᠨ ᠨᠣᠮ ᠳᠤ ᠤᠨᠴᠠᠭᠠᠢ ᠰᠢᠳᠢ ᠲᠠᠢ᠃ ᠨᠣᠮ ᠠᠴᠠ ᠡᠷᠲᠡᠨ ᠡᠳᠦᠭᠡ ᠭᠠᠳᠠᠭᠠᠳᠤ ᠳᠣᠲᠣᠭᠠᠳᠤ ᠶᠢᠨ ᠬᠢ ᠶᠢ ᠲᠣᠯᠢᠳᠠᠵᠤ᠂ ᠣᠯᠣᠯᠲᠠ ᠠᠯᠳᠠᠭᠳᠠᠯ᠂ ᠤᠯᠠᠷᠢᠯ ᠬᠤᠪᠢᠷᠠᠯ ᠢ ᠰᠡᠩᠬᠡᠷᠡᠵᠦ ᠪᠤᠯᠳᠠᠬ ᠢᠶᠠᠷ ᠦᠯᠢᠳᠭᠡᠰᠢ ᠦᠭᠡᠢ ᠬᠦᠴᠦᠨ ᠴᠢᠳᠠᠯ ᠨᠢᠭᠤᠭᠳᠠᠵᠤ ᠪᠠᠶᠢᠳᠠᠭ᠃ ᠡᠶᠢᠮᠦ ᠳᠡᠭᠡᠨ ᠰᠠᠶᠢᠨ ᠨᠣᠮ ᠢ ᠭᠦᠨ ᠤᠩᠰᠢᠬᠤ ᠶᠢ ᠪᠠᠷᠢᠮᠲᠠᠯᠠᠵᠤ ᠴᠢᠳᠠᠪᠠᠯ᠂ ᠬᠥᠮᠥᠨ ᠤ ᠰᠡᠳᠬᠢᠬᠦ ᠴᠢᠳᠠᠪᠤᠷᠢ᠂ ᠤᠬᠠᠪᠤᠷᠢᠯᠠᠬᠤ ᠴᠢᠳᠠᠪᠤᠷᠢ᠂ ᠮᠠᠭᠠᠳᠯᠠᠬᠤ ᠴᠢᠳᠠᠪᠤᠷᠢ ᠠᠶᠠᠨᠳᠠᠭᠠᠨ ᠳᠡᠭᠡᠭᠰᠢᠯᠡᠬᠦ ᠶᠢᠨ ᠤᠯᠠᠮ ᠢᠶᠠᠷ ᠡᠷᠳᠡᠮ ᠪᠣᠯᠪᠠᠰᠤᠷᠠᠯ ᠴᠦ ᠳᠡᠭᠡᠭᠰᠢᠯᠡᠵᠦ ᠴᠢᠳᠠᠬᠤ ᠨᠢ ᠯᠠᠪᠲᠠᠢ᠃ ᠨᠠᠶᠢᠵᠠ ᠠᠴᠠ ᠰᠣᠨᠣᠰᠤᠭᠰᠠᠨ ᠨᠢᠭᠡᠨ ᠶᠠᠪᠤᠳᠠᠯ ᠢ ᠬᠤᠪᠢᠶᠠᠯᠴᠠᠪᠠᠯ᠄ ᠬᠤᠶᠠᠷ ᠨᠢᠭᠡᠴᠢ ᠶᠢᠨ ᠬᠢᠨ ᠤ ᠠᠭᠤᠯᠵᠠᠨ ᠶᠠᠷᠢᠯᠴᠠᠬᠤ ᠬᠤᠷᠠᠯ ᠳᠡᠭᠡᠷ᠎ᠡ᠂ ᠲᠡᠭᠦᠨ ᠤ ᠨᠢᠭᠡ ᠬᠠᠮᠲᠤ ᠠᠵᠢᠯᠯᠠᠭᠴᠢ ᠨᠢ ᠶᠠᠷᠢᠯᠴᠠᠭᠠᠨ ᠤ ᠠᠭᠤᠯᠭ᠎ᠠ  ᠶᠢᠨ ᠬᠠᠮᠢᠶᠠᠲᠠᠢ ᠨᠣᠮ ᠢ ᠤᠯᠠᠨ ᠤ ᠡᠮᠦᠨ᠎ᠡ ᠭᠠᠷᠭᠠᠨ ᠦᠵᠡᠭᠦᠯᠭᠦ ᠶᠢᠨ ᠬᠠᠮᠲᠤ ᠡᠨᠡ ᠲᠤᠬᠠᠢ ᠤᠴᠢᠷᠯᠠᠵᠤ ᠭᠠᠷᠬᠤ ᠳᠤ᠂ ᠲᠤᠰᠬᠠᠢ ᠮᠡᠷᠭᠡᠵᠢᠯ ᠢᠶᠠᠷ ᠢᠶᠠᠨ ᠠᠵᠢᠯ ᠲᠦᠷᠦᠯ ᠤᠨ ᠢᠶᠠᠨ ᠳᠣᠲᠣᠷ᠎ᠠ ᠣᠷᠣᠶᠢᠯᠠᠵᠤ ᠶᠠᠪᠤᠭ᠎ᠠ ᠨᠦᠭᠦᠭᠡ ᠲᠠᠯ᠎ᠠ ᠶᠢᠨ ᠬᠢᠨ ᠨᠢᠭᠡ ᠶᠡᠭᠡ ᠭᠠᠶᠢᠬᠠᠵᠤ ᠪᠢᠰᠢᠷᠡᠭᠰᠡᠨ ᠬᠠᠷᠠᠴᠠ ᠪᠠᠷ ᠬᠠᠷᠠᠭᠰᠠᠨ ᠭᠡᠳᠡᠭ᠃ ᠥᠨᠥ ᠬᠠᠮᠲᠤ ᠠᠵᠢᠯᠯᠠᠭᠴᠢ ᠨᠢ ᠲᠣᠮᠣ ︽ᠨᠣᠮ ᠤᠨ ᠬᠤᠷᠣᠬᠠᠢ︾ ᠪᠠᠶᠢᠭᠰᠠᠨ ᠠᠴᠠ ᠰᠠᠶ᠋ᠢ ᠶᠠᠷᠢᠬᠤ᠂ ᠪᠢᠴᠢᠬᠦ ᠠᠯᠢ ᠴᠦ ᠲᠠᠯ᠎ᠠ ᠪᠠᠷ ᠤᠯᠠᠨ ᠠᠴᠠ ᠣᠷᠣᠶᠢᠯᠠᠭᠰᠠᠨ ᠢ ᠨᠠᠶᠢᠵᠠ ᠮᠠᠨᠢ ᠬᠤᠶᠢᠨ᠎ᠠ ᠨᠢ ᠰᠠᠶ᠋ᠢ ᠮᠡᠳᠡᠭᠰᠡᠨ ᠠᠵᠢ᠃ ᠠᠶᠢᠵᠠᠮ ᠲᠦᠷᠭᠡᠰᠦᠭᠰᠡᠨ ᠠᠵᠢᠯ ᠠᠮᠢᠳᠤᠷᠠᠯ ᠤᠨ ᠳᠤᠮᠳᠠ᠂ ᠨᠣᠮ ᠤᠩᠰᠢᠬᠤ ᠨᠢ ᠪᠤᠬᠢᠨᠢᠳᠤᠯ ᠢ ᠦᠯᠳᠡᠵᠦ ᠳᠠᠷᠤᠭᠠᠰᠤ ᠶᠢ ᠮᠠᠷᠲᠠᠭᠤᠯᠬᠤ ᠨᠢᠭᠡ ᠰᠠᠶᠢᠨ ᠰᠡᠯᠡᠭᠦᠴᠡᠯ ᠪᠤᠯᠳᠠᠬ᠃ ᠥᠭᠦᠯᠡᠯᠭᠡ ᠲᠤᠭᠤᠵᠢ᠂ ᠰᠢᠯᠦᠭ ᠨᠠᠶᠢᠷᠠᠭᠤᠯᠤᠯ᠂ ᠰᠣᠨᠢᠨ ᠰᠡᠳᠬᠦᠯ ᠤᠳ ᠨᠢ ᠬᠥᠮᠥᠰ ᠲᠤ ᠤᠶᠤᠨ ᠤ ᠰᠢᠮ᠎ᠡ ᠬᠦᠷᠲᠡᠭᠡᠳᠡᠭ᠃ ᠠᠵᠢᠯᠯᠠᠵᠤ ᠠᠮᠠᠷᠠᠬᠤ ᠴᠠᠭ ᠠᠴᠠ ᠭᠠᠳᠠᠨᠠᠬᠢ ᠬᠡᠮᠵᠢᠶ᠎ᠡ ᠲᠠᠢ ᠴᠠᠭ ᠢᠶᠠᠨ ᠵᠠᠶᠢᠴᠢᠯᠠᠵᠤ ᠳᠤᠷᠠᠲᠠᠢ ᠨᠣᠮ ᠢᠶᠠᠨ ᠤᠩᠰᠢᠵᠤ ᠰᠠᠭᠤᠬᠤ  ᠨᠢ ᠨᠣᠮ ᠤᠨ ᠪᠠᠭ᠋ᠠᠲᠠᠳ ᠲᠤ ᠠᠪᠴᠤ ᠬᠡᠯᠡᠪᠡᠯ ᠨᠢᠭᠡ ᠶᠣᠰᠣᠨ ᠤ ᠵᠢᠷᠭᠠᠯ ᠪᠠᠶᠢᠵᠤ ᠲᠠᠭᠠᠷᠠᠨ᠎ᠠ᠃     ᠨᠣᠮ ᠤᠩᠰᠢᠬᠤ ᠪᠣᠯ ᠨᠢᠭᠡ ᠵᠦᠢᠯ ᠤᠨ ᠠᠮᠢᠳᠤᠷᠠᠬᠤᠢ ᠶᠢᠨ ᠭᠡᠯᠪᠡᠷᠢ᠂ ᠮᠥᠨ ᠴᠦ ᠨᠢᠭᠡ ᠵᠦᠢᠯ ᠤᠨ ᠤᠶᠤᠨ ᠤ ᠬᠥᠭᠡᠭᠡᠴᠡᠯᠳᠦᠯ ᠶᠤᠮ᠃ ᠴᠠᠭ ᠦᠶ᠎ᠡ ᠤᠷᠤᠭᠰᠢᠯᠠᠵᠤ ᠨᠡᠶᠢᠭᠡᠮ ᠬᠥᠭᠵᠢᠬᠦ ᠲᠤᠳᠤᠮ ᠬᠥᠮᠥᠰ ᠤᠶᠤᠨ ᠰᠣᠶᠣᠯ ᠤᠨ ᠠᠮᠢᠳᠤᠷᠠᠯ ᠤᠨ ᠲᠠᠯ᠎ᠠ ᠪᠠᠷ ᠨᠡᠩ ᠶᠡᠭᠡ ᠬᠦᠰᠡᠯ ᠬᠦᠯᠢᠶᠡᠯᠲᠡ ᠲᠠᠢ ᠪᠣᠯᠵᠤ᠂ ᠨᠣᠮ ᠤᠩᠰᠢᠬᠤ ᠲᠠᠯ᠎ᠠ ᠪᠠᠷ ᠨᠡᠩ ᠶᠡᠭᠡ ᠬᠡᠷᠡᠭᠴᠡᠭᠡ ᠱᠠᠭᠠᠷᠳᠠᠯᠭ᠎ᠠ ᠲᠠᠢ ᠪᠤᠯᠬᠤ ᠨᠢ ᠳᠠᠮᠵᠢᠭ ᠦᠭᠡᠢ᠃ ᠨᠠᠮ ᠤᠨ ᠬᠤᠷᠢᠳᠤᠭᠠᠷ ᠶᠡᠭᠡ ᠬᠤᠷᠠᠯ ᠤᠨ ᠢᠯᠡᠳᠬᠡᠯ ᠳᠤ᠂ ᠪᠦᠭᠦ ᠠᠷᠠᠳ ᠢᠶᠠᠷ ᠢᠶᠠᠨ ᠨᠣᠮ ᠤᠩᠰᠢᠬᠤ ᠠᠵᠢᠯᠯᠠᠭ᠎ᠠ ᠶᠢ ᠭᠦᠨᠵᠡᠭᠡᠶᠢᠷᠡᠭᠦᠯᠦᠨ᠎ᠡ ᠭᠡᠵᠦ ᠲᠣᠳᠣᠷᠬᠠᠢ ᠳᠤᠷᠠᠳᠴᠠᠢ᠃ ᠬᠥᠮᠥᠨ ᠪᠦᠭᠦᠨ ᠨᠣᠮ ᠤᠩᠰᠢᠬᠤ ᠳᠠᠳᠬᠠᠯ ᠲᠠᠢ ᠪᠣᠯᠵᠤ᠂ ᠨᠣᠮ ᠪᠢᠴᠢᠭ ᠲᠠᠢ ᠬᠠᠨᠢᠰᠬᠤ ᠳᠤ ᠭᠦᠷᠪᠡᠯ᠂ ᠰᠢᠨ᠎ᠡ ᠠᠶᠠᠨ ᠳᠤ ᠡᠷᠡᠮᠡᠬᠡᠶᠢᠯᠡᠨ ᠤᠷᠤᠭᠰᠢᠯᠠᠵᠤ ᠰᠢᠨ᠎ᠡ ᠴᠠᠭ ᠦᠶ᠎ᠡ ᠳᠤ ᠭᠠᠪᠢᠶ᠎ᠠ ᠵᠢᠳᠬᠦᠯ ᠦᠵᠡᠭᠦᠯᠭᠦ ᠳᠤ ᠪᠢᠳᠡ ᠬᠦᠴᠦᠷᠬᠡᠭ ᠶᠡᠭᠡ ᠬᠦᠴᠦᠨ ᠴᠢᠳᠠᠯ ᠨᠡᠮᠡᠷᠢᠯᠡᠵᠦ ᠴᠢᠳᠠᠬᠤ ᠨᠢ ᠯᠠᠪᠲᠠᠢ᠃
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ