ᠵᠡᠭᠦᠨᠭᠠᠷ ᠬᠤᠰᠢᠭᠤ᠄ ᠬᠦᠯᠡᠮᠵᠢ ᠶᠢᠨ ᠲᠤᠰᠤᠯᠢᠭ ᠲᠤᠭᠤᠷ ᠵᠠᠬ᠎ᠠ ᠳᠡᠯᠭᠡᠭᠦᠷ ᠳᠡᠭᠡᠷ᠎ᠠ ᠪᠤᠷᠤᠯᠠᠭᠤᠯᠭ᠎ᠠ ᠰᠠᠶᠢᠳᠠᠢ ᠪᠠᠶᠢᠨ᠎ᠠ
ᠨᠡᠶᠢᠲᠡᠯᠡᠭᠰᠡᠨ ᠴᠠᠭ᠄
2024/6/3
    ᠣᠶᠢᠷ᠎ᠠ ᠳᠤ᠂ ᠵᠡᠭᠦᠨᠭᠠᠷ ᠬᠤᠰᠢᠭᠤᠨ ᠤ ᠱᠢ ᠡᠯ ᠯᠢᠶᠠᠨ ᠴᠧᠩ ᠰᠢᠶᠠᠩ ᠤᠨ ᠳᠤᠯᠠᠭᠠᠨ ᠬᠦᠯᠡᠮᠵᠢ ᠳᠤ ᠳᠠᠷᠢᠬᠰᠠᠨ ᠲᠤᠰᠤᠯᠢᠭ ᠳᠤᠭᠤᠷ ︽ᠰᠢᠨ᠎ᠡ ᠰᠣᠷᠭᠤᠭ︾  ᠢᠶᠠᠷ ᠵᠠᠬ᠎ᠠ ᠳᠡᠯᠭᠡᠭᠦᠷ ᠳᠡᠭᠡᠷ᠎ᠠ ᠭᠠᠷᠴᠤ᠂ ᠵᠢᠮᠢᠰ ᠤᠨ ᠲᠠᠷᠢᠶᠠᠴᠢᠳ ᠲᠤᠭᠤᠷ ᠢᠶᠠᠨ ᠲᠡᠭᠦᠨ ᠪᠤᠭᠤᠳᠠᠯᠯᠠᠵᠤ᠂ ᠡᠯᠪᠡᠭ ᠬᠤᠷᠢᠶᠠᠯᠲᠠ ᠶᠢᠨ ᠪᠠᠶᠠᠷ ᠪᠠᠭ᠋ᠠᠳᠤᠯ ᠳᠤ ᠱᠤᠮᠪᠠᠨ᠎ᠠ᠃
6385190706722727829989844.bmp
       ᠱᠢ ᠡᠯ ᠯᠢᠶᠠᠨ ᠴᠧᠩ ᠰᠢᠶᠠᠩ ᠤᠨ ᠰᠢᠩ ᠱᠧᠩ ᠳ᠋ᠢᠶᠠᠨ ᠲᠣᠰᠬᠤᠨ ᠤ ᠬᠦᠯᠡᠮᠵᠢ ᠶᠢᠨ ᠲᠠᠷᠢᠮᠠᠯ ᠤᠨ ᠰᠠᠭᠤᠷᠢᠨ ᠭᠠᠵᠠᠷ ᠲᠤ ᠬᠦᠷᠬᠦ ᠳᠤ᠂ ᠮᠥᠷ ᠮᠥᠷ ᠵᠢᠭᠳᠡᠷᠡᠭᠰᠡᠨ ᠬᠦᠯᠡᠮᠵᠢ ᠨᠣᠭᠤᠭᠠᠨ ᠮᠣᠳᠣᠨ ᠤ ᠳᠤᠮᠳᠠ ᠠᠮᠢᠵᠢᠷᠠᠯ ᠤᠨ ᠬᠦᠴᠦᠨ ᠢᠶᠠᠷ ᠪᠢᠯᠬᠠᠨ᠎ᠠ᠃ ᠵᠢᠮᠢᠰ ᠤᠨ ᠲᠠᠷᠢᠶᠠᠴᠢᠨ ᠵᠠᠩ ᠰᠠᠨ ᠮᠠ ᠶᠢᠨ ᠲᠤᠰᠤᠯᠢᠭ ᠲᠤᠭᠤᠷ ᠤᠨ ᠲᠠᠷᠢᠮᠠᠯ ᠤᠨ ᠬᠦᠯᠡᠮᠵᠢ ᠳᠤ ᠤᠷᠤᠬᠤ ᠳᠤ᠂ ᠰᠡᠨᠡᠭ ᠰᠡᠨᠡᠭ ᠲᠤᠭᠤᠷ ᠤᠨ ᠠᠩᠬᠢᠯᠤᠮ᠎ᠠ ᠦᠨᠦᠷ ᠬᠠᠩᠬᠤᠯᠵᠤ᠂ ᠨᠢᠭᠡᠨ ᠪᠤᠭᠤᠨᠢᠬᠠᠨ ᠲᠤᠭᠤᠷ ᠤᠨ ᠮᠣᠳᠣᠨ ᠳᠤ ᠭᠠᠯ ᠤᠯᠠᠭᠠᠨ ᠲᠤᠭᠤᠷ ᠲᠦᠭᠦᠷᠡᠲᠡᠯ᠎ᠡ ᠡᠯᠭᠦᠭᠳᠡᠨ᠂ ᠥᠩᠭᠡ ᠢᠯᠭᠠᠷᠠᠨ ᠬᠥᠮᠥᠰ ᠤᠨ ᠪᠠᠭ᠋ᠠᠷᠬᠠᠯ ᠢ ᠲᠠᠲᠠᠨ᠎ᠠ᠃ ︽ᠪᠢ ᠲᠤᠰᠤᠯᠢᠭ ᠲᠤᠭᠤᠷ ᠢ ᠳᠠᠷᠢᠭᠠᠳ ᠳᠥᠷᠪᠡ ᠲᠠᠪᠤᠨ ᠵᠢᠯ ᠪᠤᠯᠵᠠᠢ᠂ ᠡᠨᠡ ᠵᠢᠯ ᠤᠨ ᠲᠤᠰᠤᠯᠢᠭ ᠲᠤᠭᠤᠷ ᠤᠨ ᠤᠷᠭᠤᠴᠠ ᠰᠠᠶᠢᠨ᠂ ᠪᠠᠷᠤᠭ ᠲᠦᠷᠪᠡᠨ ᠮᠢᠩᠭ᠎ᠠ ᠭᠠᠷᠤᠢ ᠵᠢᠩ ᠭᠠᠷᠤᠨ᠎ᠠ᠂ ᠡᠭᠦᠨ ᠢ ᠬᠤᠯᠠ ᠪᠣᠷᠣᠯᠠᠭᠤᠯᠬᠤ ᠬᠡᠷᠡᠭ ᠦᠭᠡᠢ᠂ ᠵᠥᠪᠬᠡᠨ ᠰᠢᠤᠸᠠᠢ ᠵᠢᠶᠠ ᠸᠠᠨ᠂ ᠳ᠋ᠦᠩᠱᠧᠩ᠂ ᠱᠠᠬᠵᠠᠮᠤᠨᠢ ᠵᠡᠷᠭᠡ ᠤᠶᠢᠷ᠎ᠠ ᠬᠠᠪᠢ ᠶᠢᠨ ᠬᠥᠮᠥᠰ ᠢᠷᠡᠵᠤ ᠳᠡᠬᠦᠪᠡᠯ ᠬᠠᠭᠠᠰ ᠰᠠᠷ᠎ᠠ ᠬᠢᠷᠢᠲᠡᠢ ᠳᠤ ᠬᠤᠳᠠᠯᠳᠤᠭᠠᠳ ᠪᠠᠷᠠᠴᠢᠬᠠᠨ᠎ᠠ︾ ᠭᠡᠵᠦ ᠵᠢᠮᠢᠰ ᠤᠨ ᠲᠠᠷᠢᠶᠠᠴᠢᠨ ᠵᠠᠩ ᠰᠠᠨ ᠮᠠ ᠪᠠᠶᠠᠷᠲᠠᠢ ᠶᠠᠷᠢᠨ᠎ᠠ᠃ 
6385190707622727688440294.bmp
    ᠲᠠᠨᠢᠯᠴᠠᠭᠤᠯᠤᠭᠰᠠᠨ ᠢᠶᠠᠷ᠂ ᠠᠳᠡᠬᠢ ᠲᠠᠷᠢᠮᠠᠯ ᠤᠨ ᠡᠷᠦᠬᠡ ᠶᠢᠨ ᠳᠠᠷᠢᠵᠤ ᠪᠠᠶᠢᠭ᠎ᠠ ᠲᠤᠰᠤᠯᠢᠭ ᠲᠤᠭᠤᠷ ᠤᠨ ᠲᠥᠷᠥᠯ ᠵᠦᠢᠯ ᠨᠢ ᠠᠦ᠋ᠰᠳ᠋ᠷᠠᠯᠢᠶ᠎ᠠ ᠶᠢᠨ ᠲᠤᠰᠤᠯᠢᠭ ᠲᠤᠭᠤᠷ ᠪᠠᠶᠢᠵᠤ᠂ ᠵᠢᠮᠢᠰ ᠨᠢ ᠲᠣᠮᠣ᠂ ᠬᠠᠯᠢᠰᠤ ᠨᠢ ᠨᠢᠮᠭᠡᠨ᠂ ᠥᠩᠭᠡ ᠨᠢ ᠠᠯᠲᠠᠨ ᠰᠢᠷᠭᠠᠯ᠂ ᠮᠢᠬ᠎ᠠ ᠨᠢ ᠬᠡᠦᠷᠡᠭ ᠮᠥᠷᠲᠡᠭᠡᠨ ᠵᠥᠭᠡᠯᠡᠨ ᠪᠠᠶᠢᠵᠤ᠂ ᠵᠠᠬ᠎ᠠ ᠳᠡᠯᠭᠡᠭᠦᠷ ᠤᠨ ᠬᠦᠷᠢᠶᠡᠯᠡᠯ ᠢ ᠣᠯᠣᠭᠰᠠᠨ ᠪᠠᠶᠢᠨ᠎ᠠ᠃ ︽ᠠᠳᠡᠬᠢ ᠲᠤᠰᠤᠯᠢᠭ ᠲᠤᠭᠤᠷ ᠵᠢᠯ ᠪᠤᠯᠭᠠᠨ ᠤ ᠲᠠᠪᠤᠳᠤᠭᠠᠷ ᠰᠠᠷ᠎ᠠ ᠶᠢᠨ ᠳᠤᠮᠳᠠᠴᠢ ᠪᠠᠷ ᠵᠠᠬ᠎ᠠ ᠳᠡᠯᠭᠡᠭᠦᠷ ᠲᠤ ᠭᠠᠷᠳᠠᠬ᠂ ᠲᠦᠷᠦᠭᠦᠦ ᠪᠦᠯᠦᠭ ᠰᠢᠨ᠎ᠡ ᠲᠤᠰᠤᠯᠢᠭ ᠲᠤᠭᠤᠷ ᠰᠠᠶ᠋ᠢᠬᠠᠨ ᠵᠠᠬ᠎ᠠ ᠳᠡᠯᠭᠡᠭᠦᠷ ᠲᠤ ᠭᠠᠷᠤᠭᠰᠠᠨ ᠪᠣᠯᠬᠤᠷ ᠦᠨ᠎ᠡ ᠨᠢ ᠨᠡᠯᠢᠶᠡᠳ ᠰᠠᠶᠢᠨ᠂ ᠪᠥᠭᠡᠮ ᠢᠶᠠᠷ ᠬᠤᠳᠠᠯᠳᠤᠬᠤ ᠦᠨ᠎ᠡ ᠨᠢ ᠠᠷᠪᠠᠨ ᠳᠥᠷᠪᠡ ᠲᠠᠪᠤᠨ ᠲᠥᠭᠦᠷᠢᠭ ᠲᠤ ᠬᠦᠷᠴᠦ᠂ ᠬᠦᠯᠡᠮᠵᠢ ᠪᠦᠷᠢ ᠶᠢᠨ ᠲᠤᠰᠤᠯᠢᠭ ᠲᠤᠭᠤᠷ ᠬᠤᠳᠠᠯᠳᠤᠬᠰᠠᠨ ᠤᠷᠤᠯᠭ᠎ᠠ ᠨᠢ ᠳᠥᠷᠪᠡ ᠲᠠᠪᠤᠨ ᠲᠦᠮᠡᠨ ᠲᠥᠭᠦᠷᠢᠭ ᠲᠤ ᠬᠦᠷᠦᠨ᠎ᠡ︾ ᠭᠡᠵᠦ ᠰᠢᠩ ᠱᠧᠩ ᠳ᠋ᠢᠶᠠᠨ ᠲᠣᠰᠬᠤᠨ ᠤ ᠲᠠᠷᠢᠮᠠᠯ ᠤᠨ ᠡᠷᠦᠬᠡ ᠭᠦᠸᠧ ᠮᠧᠢ ᠯᠢ ᠶᠠᠷᠢᠨ᠎ᠠ᠃
6385190725553976575293563.bmp
    ᠣᠶᠢᠷ᠎ᠠ ᠶᠢᠨ ᠵᠢᠯ ᠠᠴᠠ ᠨᠠᠭᠠᠰᠢ᠂ ᠵᠡᠭᠦᠨᠭᠠᠷ ᠬᠤᠰᠢᠭᠤ ᠲᠥᠬᠦᠭᠡᠷᠦᠮᠵᠢᠲᠦ ᠲᠠᠷᠢᠶᠠᠯᠠᠩ ᠤᠨ ᠠᠵᠤ ᠦᠢᠯᠡᠰ ᠤᠨ ᠪᠦᠲᠦᠴᠡ ᠳᠤ ᠳᠠᠰᠤᠷᠠᠯᠳᠠ ᠦᠭᠡᠢ ᠲᠣᠬᠢᠷᠠᠭᠤᠯᠤᠯᠲᠠ ᠬᠢᠵᠦ᠂ ᠵᠠᠬ᠎ᠠ ᠳᠡᠯᠭᠡᠭᠦᠷ ᠲᠤ ᠮᠡᠳᠡᠷᠡᠭᠳᠡᠭᠰᠡᠨ᠂ ᠠᠷᠠᠳ ᠤᠯᠠᠨ ᠤ ᠣᠷᠣᠯᠭ᠎ᠠ ᠶᠢ ᠨᠡᠮᠡᠭᠳᠡᠭᠦᠯᠦᠭᠰᠡᠨ ᠠᠮᠲᠠᠲᠤ ᠬᠡᠮᠬᠡ᠂ ᠳᠤᠰᠤᠯᠢᠭ ᠲᠤᠭᠤᠷ᠂ ᠢᠩᠲᠣᠣᠷ᠂ ᠭᠦᠵᠡᠯᠵᠡᠭᠡᠨ᠎ᠡ ᠵᠡᠷᠭᠡ ᠤᠯᠠᠨ ᠳᠦᠷᠦᠯ ᠤᠨ ᠵᠢᠮᠢᠰ ᠢᠳᠡᠰᠢᠨ ᠨᠣᠭᠤᠭ᠎ᠠ ᠶᠢᠨ ᠰᠢᠨ᠎ᠡ ᠳᠦᠷᠦᠯ ᠵᠦᠢᠯ ᠢ ᠳᠠᠰᠤᠷᠠᠯᠳᠠ ᠦᠭᠡᠢ ᠣᠷᠣᠭᠤᠯᠤᠨ ᠠᠪᠴᠢᠷᠠᠵᠤ᠂ ᠵᠢᠮᠢᠰ ᠢᠳᠡᠰᠢᠨ ᠨᠣᠭᠤᠭ᠎ᠠ ᠶᠢᠨ ᠠᠵᠤ ᠦᠢᠯᠡᠰ ᠤᠨ ᠬᠥᠭᠵᠢᠯᠲᠡ ᠮᠠᠰᠢ ᠰᠠᠶᠢᠨ ᠪᠠᠶᠢᠵᠤ᠂ ᠵᠢᠮᠢᠰ ᠤᠨ ᠲᠠᠷᠢᠶᠠᠴᠢᠳ ᠤᠨ ᠣᠷᠣᠯᠭ᠎ᠠ ᠳᠠᠰᠤᠷᠠᠯᠳᠠ ᠦᠭᠡᠢ ᠨᠡᠮᠡᠭᠳᠡᠵᠤ ᠪᠠᠶᠢᠨ᠎ᠠ᠃ ᠲᠠᠷᠠᠭᠠᠴᠢ ᠶᠢᠨ ᠠᠯᠬᠤᠮ ᠳᠤ᠂ ᠵᠡᠭᠦᠨᠭᠠᠷ ᠬᠤᠰᠢᠭᠤ ᠰᠢᠯᠢᠳᠡᠭ ᠳᠦᠷᠤᠯ ᠤᠨ ᠲᠠᠷᠢᠮᠠᠯ ᠢ ᠦᠷᠭᠦᠯᠵᠢᠯᠡᠨ ᠳᠡᠯᠭᠡᠷᠡᠭᠦᠯᠵᠦ᠂ ᠶᠠᠰᠤ ᠴᠢᠨᠠᠷ ᠢᠶᠠᠷ ᠲᠤᠯᠭᠠᠭᠤᠷᠢᠯᠠᠯ ᠪᠣᠯᠭᠠᠵᠤ᠂ ᠳᠦᠷᠤᠯ ᠳᠡᠮᠳᠡᠭᠳᠤ ᠶᠢᠨ ᠪᠠᠶᠢᠭᠤᠯᠤᠯᠲᠠ ᠶᠢ ᠴᠢᠩᠭᠠᠳᠬᠠᠨ᠎ᠠ᠃ ᠡᠭᠦᠨ ᠤ ᠬᠠᠮᠲᠤ ᠡᠯᠧᠺᠳ᠋ᠷᠣᠨ ᠬᠤᠳᠠᠯᠳᠤᠭᠠᠨ ᠤ ᠠᠷᠭ᠎ᠠ ᠵᠠᠮ ᠢᠶᠠᠷ ᠳᠠᠮᠵᠢᠭᠤᠯᠤᠨ᠂ ᠪᠣᠷᠤᠯᠠᠭᠤᠯᠭ᠎ᠠ ᠶᠢᠨ ᠵᠠᠮ ᠮᠦᠷ ᠢ ᠥᠷᠭᠡᠳᠬᠡᠵᠦ᠂ ᠵᠢᠮᠢᠰ ᠢᠳᠡᠰᠢᠨ ᠨᠣᠭᠤᠭ᠎ᠠ ᠶᠢᠨ ᠠᠵᠤ ᠦᠢᠯᠡᠰ ᠢ ᠲᠠᠰᠤᠷᠠᠯᠲᠠ ᠦᠭᠡᠢ ᠪᠤᠵᠠᠭᠠᠶᠢᠷᠠᠭᠤᠯᠤᠨ᠂ ᠲᠠᠷᠢᠶᠠᠯᠠᠩ ᠪᠠ ᠵᠤᠭᠠᠴᠠᠯ ᠤᠨ ᠠᠭᠤᠰᠤᠯᠴᠠᠨ ᠬᠥᠭᠵᠢᠬᠦ ᠶᠢ ᠠᠬᠢᠭᠤᠯᠤᠨ᠎ᠠ᠃      
ᠢᠷᠡᠯᠲᠡ᠄ ᠵᠡᠭᠦᠠᠭᠠᠷ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ