ᠠᠬᠠᠮᠠᠳ ᠤᠶᠠᠭᠠᠴᠢᠳ ᠤᠨ ᠴᠤᠭ ᠵᠢᠪᠬᠤᠭ᠎ᠠ
ᠨᠡᠶᠢᠲᠡᠯᠡᠭᠰᠡᠨ ᠴᠠᠭ᠄
2024/7/1
    ᠣᠶᠢᠷ᠎ᠠ ᠳᠤ᠂ ᠡᠵᠡᠨ ᠬᠤᠷᠤᠭ᠎ᠠ ᠬᠤᠰᠢᠭᠤᠨ ᠤ ᠡᠵᠡᠨ ᠬᠤᠷᠤᠭ᠎ᠠ ᠪᠠᠯᠭᠠᠰᠤ ᠶᠢᠨ ᠪᠤᠯᠠᠭ ᠭᠠᠴᠠᠭᠠᠨ ᠤ ᠮᠠᠯᠴᠢᠨ ᠠᠯᠢᠮ᠎ᠠ ᠶᠢᠨ ᠵᠤᠬᠢᠶᠠᠨ ᠪᠠᠶᠢᠭᠤᠯᠤᠭᠰᠠᠨ 65 ᠨᠠᠰᠤᠨ ᠠᠴᠠ ᠳᠡᠭᠡᠭᠰᠢᠬᠢ ᠤᠶᠠᠭᠠᠴᠢᠳ ᠤᠨ ᠵᠢᠷᠤᠭ᠎ᠠ ᠮᠣᠷᠢᠨ ᠤ ᠣᠷᠣᠯᠳᠤᠭᠠᠨ ᠳᠡᠭᠡᠷ᠎ᠡ᠂ ᠪᠦᠬᠦ ᠬᠤᠲᠠ ᠶᠢᠨ ᠡᠯ᠎ᠡ ᠭᠠᠵᠠᠷ ᠠᠴᠠ ᠢᠷᠡᠭᠰᠡᠨ ᠲᠠᠪᠢᠭᠠᠳ ᠤᠶᠠᠭᠠᠴᠢᠳ ᠴᠤᠭᠯᠠᠷᠠᠵᠤ᠂ ᠨᠠᠰᠤᠲᠠᠶᠢᠴᠤᠳ ᠮᠣᠷᠢᠨ ᠨᠢᠷᠤᠭᠤᠨ ᠳᠡᠭᠡᠷ᠎ᠡ ᠥᠪᠡᠷ ᠥᠪᠡᠷ ᠤᠨ ᠠᠪᠢᠶᠠᠰ ᠪᠢᠯᠢᠭ ᠢᠶᠠᠨ ᠪᠠᠳᠠᠷᠠᠭᠤᠯᠬᠤ ᠶᠢᠨ ᠬᠠᠮᠲᠤ ᠣᠷᠣᠯᠳᠤᠭᠠᠨ ᠤ ᠴᠢᠯᠥᠭᠡ ᠵᠠᠪ ᠢᠶᠠᠷ ᠠᠵᠢᠯ ᠠᠮᠢᠳᠤᠷᠠᠯ  ᠢᠶᠠᠨ ᠴᠢᠯᠥᠭᠡᠲᠡᠢ ᠨᠠᠷᠭᠢᠵᠤ ᠪᠠᠶᠢᠯ᠎ᠠ᠃    65ᠨᠠᠰᠤ ᠶᠢ ᠳᠠᠪᠠᠭᠰᠠᠨ ᠵᠢᠷᠤᠭ᠎ᠠ ᠮᠣᠷᠢᠨ ᠪᠠᠭ᠋ᠠᠳᠠᠳ ᠢᠶᠠᠷ ᠪᠦᠷᠢᠯᠳᠦᠭᠰᠡᠨ ᠡᠨᠡ ᠬᠦ ᠬᠤᠯᠪᠤᠭ᠎ᠠ ᠨᠢ ᠬᠤᠶᠠᠷ ᠵᠢᠯ ᠭᠠᠷᠤᠢ ᠶᠢᠨ ᠲᠤᠷᠰᠢ ᠳᠣᠯᠣᠭᠠᠨ ᠲᠠᠯᠠᠪᠠᠢ ᠵᠢᠷᠤᠭ᠎ᠠ ᠮᠣᠷᠢᠨ ᠤ ᠣᠷᠣᠯᠳᠤᠭᠠᠨ ᠢ ᠵᠤᠬᠢᠶᠠᠨ ᠪᠠᠶᠢᠭᠤᠯᠵᠤ᠂ ᠥᠪᠡᠷ ᠤᠨ ᠥᠲᠡᠯᠥᠭᠡ ᠨᠠᠰᠤ ᠪᠠᠨ ᠵᠢᠷᠭᠠᠯ ᠲᠠᠢ ᠥᠩᠭᠡᠷᠡᠭᠦᠯᠬᠦ ᠶᠢᠨ ᠵᠡᠷᠭᠡᠪᠡᠷ ᠪᠤᠳᠠᠰ ᠤᠨ ᠪᠤᠰᠤ ᠰᠣᠶᠣᠯ ᠤᠨ ᠥᠪ ᠢᠶᠠᠨ ᠣᠯᠠᠨ ᠳᠠᠶᠠᠭᠠᠷ ᠲᠤ ᠳᠡᠯᠭᠡᠨ ᠦᠵᠡᠭᠦᠯᠦᠯ᠎ᠡ᠃ 2022 ᠣᠨ ᠳᠤ 65s ᠨᠠᠰᠤᠨ ᠠᠴᠠ ᠳᠡᠭᠡᠭᠰᠢᠬᠢ ᠤᠶᠠᠭᠠᠴᠢᠳ ᠢᠶᠠᠷ ᠪᠦᠷᠢᠯᠳᠦᠭᠰᠡᠨ ᠤᠶᠠᠭᠠᠴᠢᠳ ᠤᠨ ᠸᠢᠴᠠᠲ ᠬᠤᠯᠪᠤᠭ᠎ᠠ ᠪᠠᠶᠢᠭᠤᠯᠤᠭᠳᠠᠵᠤ᠂ ᠬᠠᠮᠤᠭ ᠠᠩᠬᠠᠨ ᠤ ᠤᠷᠤᠯᠳᠤᠭᠠᠨ ᠢ ᠲᠤᠰ ᠵᠢᠯ ᠤᠨ 10 ᠰᠠᠷ᠎ᠠ ᠳᠤ ᠦᠦᠰᠢᠨ ᠬᠤᠰᠢᠭᠤᠨ ᠳᠤ ᠵᠤᠬᠢᠶᠠᠨ ᠪᠠᠶᠢᠭᠤᠯᠤᠨ ᠡᠷᠬᠢᠯᠡᠵᠡᠢ᠃ ᠳᠠᠷᠠᠭᠠᠪᠠᠷ ᠣᠲᠤᠭ ᠬᠤᠰᠢᠭᠤ᠂ ᠣᠲᠤᠭ ᠢ ᠡᠮᠦᠨᠡᠲᠦ ᠬᠤᠰᠢᠭᠤ᠂ ᠬᠠᠩᠭᠢᠨ ᠬᠤᠰᠢᠭᠤ ᠪᠠᠷ ᠲᠤᠭᠤᠷᠢᠨ ᠤᠷᠤᠯᠳᠤᠭᠠᠨ ᠬᠢᠵᠤ᠂ ᠲᠤᠰ ᠤᠳᠠᠭ᠎ᠠ ᠡᠵᠡᠨ ᠬᠤᠷᠤᠭ᠎ᠠ ᠳᠤ ᠳᠣᠯᠣᠭᠠᠳᠡᠬᠢ ᠤᠳᠠᠭ᠎ᠠ ᠪᠠᠨ ᠵᠤᠬᠢᠶᠠᠨ ᠪᠠᠶᠢᠭᠤᠯᠵᠤ ᠪᠠᠶᠢᠭ᠎ᠠ ᠨᠢ ᠡᠨᠡ ᠪᠢᠯᠡ᠃    ᠣᠶᠢᠯᠭᠠᠭᠰᠠᠨ ᠢᠶᠠᠷ᠂ ᠤᠳᠤᠬᠠᠨ ᠳᠤ ᠡᠨᠡ ᠬᠦ ᠤᠶᠠᠭᠠᠴᠢᠳ ᠤᠨ ᠸᠢᠴᠠᠲ ᠬᠤᠯᠪᠤᠭ᠎ᠠ ᠳᠤ ᠨᠡᠶᠢᠲᠡ ᠵᠠᠭᠤ ᠭᠠᠷᠤᠢ ᠤᠶᠠᠭᠠᠴᠢᠳ ᠲᠠᠢ ᠪᠣᠯᠵᠤ᠂ ᠠᠯᠢ ᠤᠳᠠᠭᠠᠨ ᠤ ᠣᠷᠣᠯᠳᠤᠭᠠᠨ ᠳᠤ ᠴᠦ ᠢᠳᠡᠪᠬᠢᠲᠡᠢ ᠬᠦᠷᠦᠯᠴᠡᠨ ᠣᠷᠣᠯᠴᠠᠵᠤ ᠴᠤᠭ ᠵᠢᠪᠬᠤᠭ᠎ᠠ ᠪᠠᠨ ᠪᠠᠳᠠᠷᠠᠭᠤᠯᠤᠨ ᠥᠲᠡᠯᠥᠭᠡ ᠨᠠᠰᠤ ᠪᠠᠨ ᠪᠠᠶᠠᠷ ᠵᠢᠷᠭᠠᠯ ᠲᠠᠢ ᠪᠠᠷ ᠥᠩᠭᠡᠷᠡᠭᠡᠬᠦ ᠶᠢᠨ ᠵᠡᠷᠭᠡ ᠪᠠᠷ ᠮᠣᠷᠢᠨ ᠰᠤᠶᠤᠯ ᠢᠶᠠᠨ ᠣᠯᠠᠨ ᠲᠦᠮᠡᠨ ᠳᠤ ᠳᠡᠯᠭᠡᠨ ᠦᠵᠡᠭᠦᠯᠵᠤ᠂ ︽ᠮᠣᠩᠭᠤᠯ ᠮᠣᠷᠢᠨ ᠤ ᠵᠣᠷᠢᠭ ᠰᠠᠨᠠᠭ᠎ᠠ︾᠎ ᠪᠠᠨ ᠤᠯᠠᠮᠵᠢᠯᠠᠨ ᠪᠠᠳᠠᠷᠠᠭᠤᠯᠵᠤ ᠪᠠᠶᠢᠨ᠎ᠠ᠃
 
ᠢᠷᠡᠯᠲᠡ᠄ ᠤᠷᠳᠤᠰ ᠬᠤᠲᠠ ᠶᠢᠨ ᠬᠠᠮ ᠵᠠᠭᠤᠴᠢᠯᠠᠭᠤᠷ ᠤᠨ ᠲᠥᠪ