ᠤᠷᠳᠤᠰ ᠤᠨ ᠪᠠᠰᠠ ᠨᠢᠭᠡᠨ ᠨᠡᠭᠦᠷᠡᠰᠤᠨ ᠠᠭᠤᠷᠬᠠᠢ ᠶᠢᠨ ᠪᠠᠷᠢᠯᠭ᠎ᠠ ᠲᠠᠭᠤᠰᠪᠠ
ᠨᠡᠶᠢᠲᠡᠯᠡᠭᠰᠡᠨ ᠴᠠᠭ᠄
2024/7/10
    ᠣᠶᠢᠷ᠎ᠠ ᠳᠤ ᠤᠳᠤᠭ ᠤᠨ ᠡᠮᠦᠨᠠᠲᠦ ᠬᠤᠰᠢᠭᠤᠨ ᠤ ᠴᠠᠩ ᠴᠧᠩ ᠭᠤᠷᠪᠠᠲᠣᠭᠠᠷ ᠠᠭᠤᠷᠬᠠᠢ ᠶᠢᠨ ᠣᠶᠢᠯᠡᠰ ᠤᠨ ᠬᠢᠵᠠᠭᠠᠷᠲᠦ ᠺᠣᠮᠫᠠᠨᠢ ᠶᠢᠨ ᠴᠠᠩ ᠴᠧᠩ ᠭᠤᠷᠪᠠᠳᠤᠭᠠᠷ ᠨᠡᠭᠦᠷᠠᠰᠤᠨ ᠠᠭᠤᠷᠬᠠᠢ ᠵᠢᠴᠢ ᠨᠡᠭᠦᠷᠡᠰᠤ ᠣᠬᠢᠶᠠᠬᠤ ᠦᠢᠯᠡᠳᠪᠦᠷᠢ ᠶᠢᠨ ᠪᠦᠳᠦᠬᠡᠨ ᠪᠠᠶᠢᠭᠤᠯᠤᠯᠲᠡ ᠶᠢᠨ ᠳᠦᠷᠦᠯ ᠵᠣᠶᠢᠯ ᠪᠠᠷᠢᠯᠭ᠎ᠠ ᠲᠠᠭᠤᠰᠪᠡ᠃    ᠴᠠᠩ ᠴᠧᠩ ᠭᠤᠷᠪᠠᠳᠤᠭᠠᠷ ᠨᠡᠬᠦᠷᠠᠰᠤᠨ ᠠᠭᠤᠷᠬᠠᠢ ᠨᠢ ᠤᠲᠤᠬᠠᠨ ᠤ ᠱᠠᠩᠬᠠᠢ ᠶᠢᠨ ᠰᠦᠮ᠎ᠡ ᠶᠢᠨ ᠠᠭᠤᠷᠬᠠᠢ ᠶᠢᠨ ᠣᠷᠣᠨ ᠤ ᠨᠢᠭᠡᠨᠲᠠ ᠪᠠᠶᠢᠭᠤᠯᠤᠭᠰᠠᠨ ᠦᠢᠯᠡᠳᠪᠤᠷᠢᠯᠡᠯ ᠤᠨ ᠴᠢᠳᠠᠮᠵᠢ ᠪᠠᠷ ᠬᠠᠮᠤᠭ ᠤᠨ ᠶᠡᠭᠡ ᠠᠭᠤᠷᠬᠠᠢ ᠶᠢᠨ ᠬᠤᠳᠳᠤᠭ ᠪᠣᠯᠣᠨ᠎ᠠ᠃ ᠲᠦᠯᠤᠪᠯᠡᠭᠰᠡᠨ ᠦᠢᠯᠡᠳᠪᠤᠷᠢᠯᠡᠯ ᠤᠨ ᠴᠢᠳᠠᠮᠵᠢ ᠨᠢ ᠵᠢᠯ ᠪᠦᠷᠢ 500 ᠲᠦᠮᠡᠨ ᠲᠤᠨ᠂ ᠠᠭᠤᠷᠬᠠᠢ ᠶᠢᠨ ᠬᠤᠳᠳᠤᠭ ᠤᠨ ᠲᠠᠯᠠᠪᠠᠢ ᠨᠢ 46.36 ᠲᠡᠭᠰᠢ ᠲᠦᠷᠪᠡᠯᠵᠢᠨ ᠺᠢᠯᠣᠮᠧᠲᠷ᠂ ᠭᠠᠵᠠᠷ ᠰᠢᠨᠵᠢᠯᠡᠭᠡᠨ ᠤ ᠡᠬᠢ ᠪᠠᠶᠠᠯᠢᠭ ᠤᠨ ᠬᠠᠲᠠᠭᠠᠯᠠᠭᠲᠠᠴᠠ ᠨᠢ 7.05 ᠳ᠋ᠦᠩᠰᠢᠭᠤᠷ ᠲᠤᠨ᠂ ᠨᠡᠭᠡᠭᠡᠨ ᠠᠰᠢᠭᠯᠠᠵᠤ ᠪᠣᠯᠬᠤ ᠬᠠᠳᠠᠭᠠᠯᠠᠭᠳᠠᠴᠠ ᠨᠢ 4.6 ᠳ᠋ᠦᠩᠰᠢᠭᠤᠷ ᠲᠤᠨ ᠪᠣᠯᠣᠨ᠎ᠠ᠃ ᠲᠤᠰ ᠨᠡᠭᠦᠷᠠᠰᠤᠨ ᠠᠭᠤᠷᠬᠠᠢ ᠣᠳᠤᠬᠠᠨ ᠳᠤ ᠶᠠᠭ ᠠᠶᠤᠯᠭᠦᠢ ᠦᠢᠯᠡᠳᠪᠦᠷᠢᠯᠡᠯ ᠤᠨ ᠵᠦᠪᠰᠢᠶᠠᠷᠡᠯ ᠤᠨ ᠦᠨᠡᠮᠯᠡᠯ ᠢᠶᠠᠨ ᠱᠠᠯᠡᠪᠳᠡᠨ ᠬᠦᠢᠴᠡᠳᠬᠡᠵᠦ ᠪᠠᠶᠢᠨ᠎ᠡ᠂ ᠵᠢᠱᠢᠯᠲᠡ ᠎ ᠪᠠᠷ 8 ᠰᠠᠷ᠎ᠠ ᠶᠢᠨ ᠰᠡᠭᠦᠯᠴᠢ ᠪᠠᠷ ᠪᠤᠢ ᠪᠦᠬᠦᠢ ᠭᠠᠷ ᠬᠦᠢᠴᠡᠳᠬᠡᠯ ᠢᠶᠠᠨ ᠬᠢᠵᠦ ᠳᠠᠭᠤᠰᠬᠠᠬᠤ ᠪᠣᠯᠣᠨ᠎ᠠ᠃
 微信图片_20240710120000.jpg
ᠢᠷᠡᠯᠲᠡ᠄ ᠤᠷᠳᠤᠰ ᠬᠤᠲᠠ ᠶᠢᠨ ᠬᠠᠮ ᠵᠠᠭᠤᠴᠢᠯᠠᠭᠤᠷ  ᠤᠨ ᠲᠥᠪ