12306 ᠳᠡᠭᠡᠷᠡᠬᠢ ︽ᠨᠠᠮ ᠵᠢᠮ︾ ︵静︶ ︽ᠰᠣᠯᠢᠬᠤ︾ ︵兑︶ ︽ᠤᠷᠤ︾ ᠭᠡᠳᠡᠭ ᠨᠢ ᠶᠠᠮᠠᠷ ᠤᠳᠬ᠎ᠠ ᠲᠠᠢ ᠪᠤᠢ︖
ᠨᠡᠶᠢᠲᠡᠯᠡᠭᠰᠡᠨ ᠴᠠᠭ᠄
2024/7/29
     ᠲᠡᠮᠦᠷ ᠵᠠᠮ ᠤᠨ 12306 App ᠳᠡᠭᠡᠷ᠎ᠡ ᠠᠴᠠ ᠪᠠ ᠰᠦᠯᠵᠢᠶᠡᠨ ᠳᠡᠭᠡᠷ᠎ᠡ ᠠᠴᠠ ᠪᠢᠯᠧᠲ ᠬᠤᠳᠠᠯᠳᠤᠨ ᠠᠪᠤᠪᠠᠯ ︽ᠨᠠᠮ ᠵᠢᠮ︾᠂ ︽ᠰᠣᠯᠢᠬᠤ︾᠂︽ᠤᠷᠤ︾ ᠭᠡᠬᠦ ᠢᠯᠡᠷᠭᠡᠶᠢᠯᠡᠯ ᠲᠡᠮᠳᠡᠭ ᠲᠠᠢ ᠭᠠᠯᠲᠤ ᠲᠡᠷᠭᠡ ᠬᠠᠷᠠᠭᠳᠠᠳᠠᠭ᠃ ︽ᠨᠠᠮ ᠵᠢᠮ︾ ᠭᠡᠳᠡᠭ ᠨᠢ ᠳᠠᠭᠤ ᠭᠠᠷᠬᠤ ᠦᠭᠡᠢ ᠸᠠᠭᠤᠨ ᠪᠦᠬᠦᠢ ᠭᠠᠯᠳᠤ ᠲᠡᠷᠭᠡ ᠶᠢ ᠵᠢᠭᠠᠵᠤ ᠪᠠᠶᠢᠨ᠎ᠠ᠃ ᠲᠠᠨᠢᠯᠴᠠᠭᠤᠯᠤᠭᠰᠠᠨ ᠢᠶᠠᠷ᠂ ᠨᠠᠮ ᠲᠠᠭᠤ ᠪᠦᠬᠦᠢ ᠸᠠᠭᠤᠨ ᠳᠤ᠂ ᠠᠶᠠᠨᠴᠢᠳ ᠡᠷᠬᠡᠪᠰᠢ ᠨᠠᠮ ᠵᠢᠮ ᠪᠠᠶᠢᠬᠤ ᠪᠣᠯᠵᠤᠭ᠎ᠠ ᠶᠢ ᠵᠢᠷᠤᠮᠯᠠᠬᠤ ᠬᠡᠷᠡᠭᠲᠡᠶ᠂ ᠳᠤᠮᠳᠠᠳᠤ ᠤᠯᠤᠰ ᠤᠨ ᠲᠡᠮᠦᠷ ᠵᠠᠮ ᠤᠨ ᠸᠢᠴᠠᠲ ᠤᠨ ᠣᠯᠠᠨ ᠨᠡᠶᠢᠲᠡ ᠶᠢᠨ ᠳ᠋ᠤᠭᠠᠷ ᠤᠨ ᠬᠢᠨ ᠬᠡᠯᠡᠬᠦ ᠳᠡᠭᠡᠨ᠂ ᠠᠶᠠᠨᠴᠢᠳ ᠨᠠᠮ ᠲᠠᠭᠤ ᠪᠦᠬᠦᠢ ᠸᠠᠭᠤᠨ ᠳᠤ ᠨᠠᠮ ᠵᠢᠮ ᠪᠠᠶᠢᠵᠤ᠂ ᠡᠯ᠎ᠡ ᠲᠥᠷᠥᠯ ᠤᠨ ᠡᠯᠧᠺᠳ᠋ᠷᠣᠨ ᠲᠥᠬᠦᠭᠡᠷᠦᠮᠵᠢ ᠬᠡᠷᠡᠭᠯᠡᠬᠦ ᠦᠶ᠎ᠡ ᠳᠤ ᠴᠢᠬᠢᠪᠴᠢ ᠵᠡᠭᠦᠬᠦ ᠪᠤᠶᠤ ᠲᠠᠭᠤᠨ ᠡᠭᠦᠰᠭᠡᠭᠴᠢ ᠶᠢᠨ ᠲᠠᠭᠤ ᠶᠢ ᠬᠠᠭᠠᠵᠤ᠂ ᠭᠠᠷ ᠤᠲᠠᠰᠤ ᠪᠠᠨ ᠨᠠᠮ ᠲᠠᠭᠤᠨ ᠪᠤᠶᠤ ᠳᠣᠷᠭᠢᠯᠲᠠ ᠶᠢᠨ ᠲᠠᠭᠤᠨ ᠲᠡᠭᠡᠷ᠎ᠡ ᠲᠠᠯᠪᠢᠬᠤ ᠶᠢ ᠰᠠᠨᠠᠭᠤᠯᠳᠠᠭ︔ ᠤᠲᠠᠰᠤ ᠲᠣᠰᠬᠤ ᠪᠤᠶᠤ ᠬᠠᠷᠢᠯᠴᠠᠨ ᠶᠠᠷᠢᠯᠴᠠᠬᠤ ᠦᠶᠡᠰ ᠨᠠᠮ ᠳᠠᠭᠤ ᠪᠦᠬᠦᠢ ᠸᠠᠭᠤᠨ ᠠᠴᠠ  ᠪᠠᠨ ᠭᠠᠷᠬᠤ ᠭᠡᠷᠡᠭᠳᠡᠢ︔ ᠬᠡᠦᠬᠡᠳ ᠢ ᠳᠠᠭᠠᠭᠤᠯᠤᠨ ᠭᠠᠳᠠᠭᠰᠢ ᠭᠠᠷᠴᠤ ᠪᠠᠶᠢᠭ᠎ᠠ ᠠᠶᠠᠨᠴᠢᠳ ᠭᠡᠦᠭᠡᠳ ᠢᠶᠠᠨ ᠰᠠᠶᠢᠳᠤᠷ ᠬᠠᠷᠠᠵᠤ᠂ ᠶᠡᠭᠡ ᠳᠠᠭᠤᠨ ᠢᠶᠠᠷ ᠦᠢᠮᠡᠯᠳᠦᠬᠦ ᠠᠴᠠ ᠵᠠᠶᠢᠯᠠᠰᠬᠢᠬᠦ ᠬᠡᠷᠡᠭᠲᠡᠶ ᠬᠡᠪᠡ᠃ ︽ᠰᠣᠯᠢᠬᠤ︾ ᠭᠡᠳᠡᠭ ᠨᠢ ᠬᠤᠪᠢ ᠬᠤᠷᠠᠮᠳᠤᠭᠤᠯᠵᠤ ᠲᠡᠷᠭᠡᠨ ᠪᠢᠯᠧᠲ ᠰᠣᠯᠢᠬᠤ ᠶᠢ ᠵᠥᠪᠰᠢᠶᠡᠷᠡᠬᠦ ᠭᠠᠯᠳᠤ ᠲᠡᠷᠭᠡ ᠶᠢ ᠵᠢᠭᠠᠵᠤ ᠪᠠᠶᠢᠨ᠎ᠠ᠃ ︽ᠲᠡᠮᠦᠷ ᠵᠠᠮ ᠤᠨ ᠰᠠᠭᠠᠳ ᠦᠭᠡᠶ ᠨᠡᠪᠲᠡᠷᠡᠯᠭᠡ︾ ᠶᠢᠨ ᠭᠡᠰᠢᠭᠦᠨ ᠪᠤᠯᠪᠠᠯ ᠤᠳᠠᠭ᠎ᠠ ᠪᠤᠯᠭᠠᠨ ᠪᠢᠯᠧᠲ ᠬᠤᠳᠠᠯᠳᠤᠨ ᠠᠪᠬᠤ ᠪᠦᠷᠢ ᠴᠦᠮ ᠵᠣᠬᠢᠬᠤ ᠬᠤᠷᠠᠮᠳᠤᠯ ᠬᠤᠪᠢ ᠤᠯᠬᠤ ᠪᠥᠭᠡᠳ ᠠᠶᠠᠨᠴᠢᠳ ᠲᠡᠷᠡᠭᠦ ᠬᠤᠷᠠᠮᠳᠤᠯ ᠬᠤᠪᠢ ᠪᠠᠨ ᠠᠰᠢᠬᠯᠠᠨ ᠲᠡᠷᠭᠡᠨ ᠪᠢᠯᠧᠲ ᠰᠣᠯᠢᠵᠤ ᠠᠪᠴᠤ ᠪᠣᠯᠤᠨ᠎ᠠ᠃ ᠭᠡᠪᠡᠴᠦ ᠲᠡᠮᠦᠷ ᠵᠠᠮ ᠤᠨ ᠲᠠᠯ᠎ᠠ ᠠᠴᠠ ᠰᠠᠨᠠᠭᠤᠯᠬᠤ ᠳᠠᠭᠠᠨ᠂ ᠬᠤᠷᠠᠮᠳᠤᠯ ᠬᠤᠪᠢ ᠪᠠᠷ ᠢᠶᠠᠨ ᠰᠣᠯᠢᠵᠦ ᠠᠪᠤᠬᠰᠠᠨ ᠲᠡᠷᠭᠡᠨ ᠪᠢᠯᠧᠲ ᠢᠶᠠᠨ ᠥᠭᠡᠷᠡᠴᠢᠯᠡᠬᠦ ᠭᠠᠷ ᠤᠨ ᠥᠰᠥᠭ ᠵᠢᠷᠤᠵᠤ ᠪᠣᠯᠤᠨ᠎ᠠ᠂ ᠬᠡᠬᠦ  ᠳᠡᠭᠡᠨ ᠪᠢᠯᠧᠲ ᠪᠤᠴᠠᠭᠠᠬᠤ᠂ ᠥᠷᠲᠡᠭᠡᠨ ᠳᠤ ᠬᠥᠷᠬᠦ ᠲᠤᠬᠠᠶᠢᠯᠠᠭᠰᠠᠨ ᠠᠵᠢᠯ ᠢ ᠬᠤᠪᠢᠷᠠᠭᠤᠯᠬᠤ ᠭᠠᠷ ᠬᠦᠢᠴᠡᠳᠬᠡᠯ ᠬᠢᠬᠦ ᠥᠬᠡᠶ᠃ ︽ᠤᠷᠤ︾ ᠭᠡᠳᠡᠭ ᠨᠢ ᠰᠦᠯᠵᠢᠶᠡᠨ ᠳᠡᠭᠡᠷ᠎ᠡ ᠤᠷᠤ ᠰᠣᠩᠭᠤᠬᠤ ᠦᠢᠯᠡᠴᠢᠯᠡᠭᠡ ᠬᠠᠩᠭᠠᠵᠤ ᠪᠣᠯᠬᠤ ᠭᠠᠯᠳᠤ ᠲᠡᠷᠭᠡ ᠶᠢ ᠵᠢᠭᠠᠵᠤ ᠪᠠᠶᠢᠨ᠎ᠠ᠃ ᠲᠣᠰ ᠢᠯᠡᠷᠭᠡᠶᠢᠯᠡᠯ ᠲᠡᠮᠳᠡᠭ ᠲᠠᠢ ᠭᠠᠯᠳᠤ ᠲᠡᠷᠭᠡ ᠶᠢᠨ ᠢᠯᠡᠷᠭᠡᠶᠢᠯᠡᠯ ᠲᠡᠮᠳᠡᠭ ᠢ ᠲᠤᠪᠰᠢᠵᠦ ᠲᠡᠷᠭᠡᠨ ᠳᠤ ᠰᠠᠭᠤᠭᠴᠢ ᠶᠢᠨ ᠮᠡᠳᠡᠭᠡ ᠵᠠᠩᠭᠢ ᠪᠠᠨ ᠪᠢᠴᠢᠵᠦ ᠤᠷᠤᠭᠤᠯᠪᠠᠯ᠂ ᠰᠢᠰᠲ᠋ᠧᠮ ᠨᠢ ᠳᠠᠷᠤᠶ ᠣᠷᠣ ᠰᠤᠩᠭᠤᠬᠤ ᠠᠦ᠋ᠲ᠋ᠣ᠋ ᠦᠢᠯᠡᠴᠢᠯᠡᠭᠡ ᠶᠢᠨ ᠵᠢᠭᠰᠠᠭᠠᠯᠲᠠ ᠶᠢ ᠨᠡᠭᠡᠭᠡᠳᠡᠭ᠂ ᠡᠨᠡ ᠦᠶ᠎ᠡ ᠳᠤ ᠠᠶᠠᠨᠴᠢᠳ ᠦᠪᠡᠷ ᠢᠶᠠᠨ ᠭᠠᠯᠳᠤ ᠲᠡᠷᠭᠡᠨ ᠤ ᠳᠡᠭᠡᠷ᠎ᠡ ᠳᠤᠮᠳᠠ ᠳᠤᠤᠷ᠎ᠠ ᠣᠷᠣ ᠶᠢᠨ ᠠᠯᠢ ᠨᠢᠭᠡ ᠶᠢ ᠨᠢ ᠰᠣᠩᠭᠤᠵᠤ ᠪᠤᠯᠳᠠᠭ᠂ 60 ᠨᠠᠰᠤᠨ ᠠᠴᠠ ᠳᠡᠭᠡᠭᠰᠢᠬᠢ ᠨᠠᠰᠤᠲᠠᠶᠢᠴᠤᠳ ᠲᠤ ᠪᠤᠯ ᠰᠢᠰᠲ᠋ᠧᠮ ᠤᠨ ᠬᠢᠨ ᠳᠤᠤᠷ᠎ᠠ ᠣᠷᠣ ᠶᠢ ᠠᠦ᠋ᠲ᠋ᠣ᠋ ᠪᠠᠷ ᠤᠷᠢᠳ ᠢᠶᠠᠷ ᠬᠤᠪᠢᠶᠠᠷᠢᠯᠠᠵᠤ ᠦᠭᠳᠡᠭ᠃ ᠬᠡᠷᠪᠡ ᠦᠯᠡᠳᠡᠭᠰᠡᠨ ᠣᠷᠣ ᠨᠢ ᠤᠷᠤ ᠰᠤᠩᠭᠤᠬᠤ ᠬᠡᠷᠡᠭᠴᠡᠭᠡ ᠶᠢ ᠬᠠᠩᠭᠠᠵᠤ ᠳᠡᠶᠢᠯᠬᠦ ᠥᠬᠡᠶ ᠪᠣᠯ ᠰᠢᠰᠲ᠋ᠧᠮ ᠠᠴᠠ ᠮᠠᠰᠢᠨ ᠢᠶᠠᠷ ᠣᠷᠣ ᠰᠤᠩᠭᠤᠵᠤ ᠦᠭᠳᠡᠭ᠂ ᠠᠶᠠᠨᠴᠢᠳ ᠥᠪᠡᠷ ᠤᠨ ᠪᠠᠶᠢᠳᠠᠯ ᠢᠶᠠᠨ ᠦᠨᠳᠦᠰᠦᠯᠡᠨ ᠰᠤᠩᠭᠤᠬᠰᠠᠨ ᠤᠷᠤ ᠶᠢ ᠭᠥᠯᠢᠶᠡᠨ ᠠᠪᠬᠤ ᠪᠤᠶᠤ ᠬᠦᠴᠦᠨ ᠥᠬᠡᠶ ᠪᠣᠯᠭᠠᠵᠤ ᠪᠣᠯᠤᠨ᠎ᠠ᠃       
ᠢᠷᠡᠯᠲᠡ᠄ ᠠᠷᠠᠳ ᠤᠨ ᠮᠣᠩᠭᠤᠯ ᠰᠦᠯᠵᠢᠶ᠎ᠡ