ᠣᠷᠳᠣᠰ ᠠᠴᠠ ᠱᠧᠨᠵᠧᠨ ᠬᠦᠷᠬᠦ ᠠᠭᠠᠷ ᠠᠶᠠᠯᠠᠯ ᠤᠨ ᠱᠤᠭᠤᠮ ᠨᠡᠪᠲᠡᠷᠡᠯ᠎ᠡ
ᠨᠡᠶᠢᠲᠡᠯᠡᠭᠰᠡᠨ ᠴᠠᠭ᠄
2024/7/3
     ᠣᠷᠳᠣᠰ ᠨᠢᠰᠭᠡᠯ ᠤᠨ ᠪᠠᠭᠤᠳᠠᠯ 7 ᠰᠠᠷ᠎ᠠ ᠶᠢᠨ 16᠎ ᠤ ᠡᠳᠦᠷ  ᠠᠴᠠ ᠬᠠᠷᠪᠢᠨ — ᠣᠷᠳᠣᠰ — ᠱᠧᠨᠵᠧᠨ ᠬᠦᠷᠬᠦ ᠠᠭᠠᠷ ᠠᠶᠠᠯᠠᠯ ᠤᠨ ᠱᠤᠭᠤᠮ ᠢ ᠨᠡᠪᠲᠡᠷᠡᠭᠦᠯᠵᠤ᠂ ᠲᠤᠰ ᠠᠭᠠᠷ ᠠᠶᠠᠯᠠᠯ ᠤᠨ ᠱᠤᠭᠤᠮ ᠢ ᠯᠦᠩ ᠵᠢᠶᠠᠩ ᠠᠭᠠᠷ ᠤᠨ ᠠᠶᠠᠯᠠᠯ ᠤᠨ ᠺᠤᠮᠫᠠᠨᠢ ᠶᠢᠨ A320 ᠬᠡᠯᠪᠡᠷᠢ ᠶᠢᠨ ᠠᠶᠠᠨᠴᠢᠨ ᠤ ᠨᠢᠰᠭᠡᠯ ᠢᠶᠠᠷ ᠨᠢᠰᠴᠦ᠂ ᠡᠳᠦᠷ ᠪᠦᠷᠢ ᠨᠢᠭᠡ ᠡᠭᠡᠯᠵᠢ ᠶᠢᠨ ᠨᠢᠰᠭᠡᠯ ᠢ ᠲᠣᠬᠢᠷᠠᠭᠤᠯᠤᠨ᠎ᠠ᠃    ᠲᠤᠰ ᠠᠭᠠᠷ ᠠᠶᠠᠯᠠᠯ ᠤᠨ ᠱᠤᠭᠤᠮ ᠪᠣᠯ ᠯᠦᠩ ᠵᠢᠶᠠᠩ ᠠᠭᠠᠷ ᠤᠨ ᠠᠶᠠᠯᠠᠯ ᠤᠨ ᠺᠤᠮᠫᠠᠨᠢ ᠶᠢᠨ ᠣᠷᠳᠣᠰ ᠲᠤ ᠨᠡᠪᠲᠡᠷᠡᠭᠰᠡᠨ ᠠᠩᠬᠠᠳᠠᠭᠴᠢ ᠠᠶᠠᠨᠴᠢᠳ ᠤᠨ ᠲᠡᠭᠡᠭᠡᠪᠦᠷᠢ ᠶᠢᠨ ᠱᠤᠭᠤᠮ ᠪᠣᠯᠬᠤ ᠮᠥᠷᠲᠡᠭᠡᠨ ᠣᠷᠣᠰ ᠨᠢᠰᠭᠡᠯ ᠤᠨ ᠪᠠᠭᠤᠳᠠᠯ ᠤᠨ ︽ᠣᠷᠳᠣᠰ — ᠵᠧᠩᠵᠧᠦ — ᠱᠧᠨᠵᠧᠨ︾ ᠬᠦᠷᠬᠦ ᠠᠭᠠᠷ ᠠᠶᠠᠯᠠᠯ ᠤᠨv ᠱᠤᠭᠤᠮ ᠤᠨ ᠳᠠᠷᠠᠭᠠᠬᠢ ᠱᠧᠨᠵᠧᠨ ᠳᠤ ᠨᠡᠪᠲᠡᠷᠡᠬᠦ ᠬᠤᠶᠠᠳᠠᠬᠢ ᠠᠭᠠᠷ ᠠᠶᠠᠯᠠᠯ ᠤᠨ ᠱᠤᠭᠤᠮ ᠪᠣᠯᠣᠨ᠎ᠠ᠃ ᠰᠢᠨ᠎ᠡ ᠠᠶᠠᠯᠠᠯ ᠤᠨ ᠱᠤᠭᠤᠮ ᠨᠡᠪᠲᠡᠷᠡᠭᠰᠡᠨ ᠤ ᠳᠠᠷᠠᠭ᠎ᠠ᠂ ᠣᠷᠳᠣᠰ ᠠᠴᠠ ᠱᠧᠨᠵᠧᠨ ᠬᠦᠷᠬᠦ ᠭᠠᠭᠴᠠ ᠴᠢᠭᠯᠡᠯ ᠤᠨ ᠨᠢᠰᠬᠦ ᠴᠠᠭ ᠨᠢ ᠤᠤᠯ ᠤᠨ ᠲᠠᠪᠤᠨ ᠴᠠᠭ ᠣᠷᠴᠢᠮ ᠪᠠᠶᠢᠭᠰᠠᠨ ᠠᠴᠠ ᠪᠠᠨ ᠭᠤᠷᠪᠠᠨ ᠴᠠᠭ ᠪᠣᠯᠣᠭᠰᠠᠨ ᠪᠠᠶᠢᠨ᠎ᠠ᠃    ᠬᠠᠷᠪᠢᠨ — ᠣᠷᠳᠣᠰ — ᠱᠧᠨᠵᠧᠨ ᠤ ᠠᠭᠠᠷ ᠠᠶᠠᠯᠠᠯ ᠤᠨ ᠱᠤᠭᠤᠮ ᠨᠡᠪᠲᠡᠷᠡᠭᠰᠡᠨ ᠨᠢ ᠣᠷᠳᠣᠰ᠂ ᠬᠠᠷᠪᠢᠨ᠂ ᠱᠧᠨᠵᠧᠨr ᠭᠤᠷᠪᠠᠨ ᠭᠠᠵᠠᠷ ᠤᠨ ᠵᠠᠰᠠᠭ ᠤᠨ ᠣᠷᠳᠣᠨ ᠤ ᠪᠠᠶᠢᠭᠤᠯᠤᠮᠵᠢ᠂ ᠠᠵᠤ ᠠᠬᠤᠶᠢᠯᠠᠯ᠂ ᠠᠷᠠᠳ ᠤᠨ ᠬᠤᠭᠤᠷᠤᠨᠳᠤᠬᠢ ᠨᠢᠭᠲᠠ ᠬᠠᠷᠢᠯᠴᠠᠭ᠎ᠠ ᠶᠢ ᠪᠦᠲᠦᠮᠵᠢᠲᠡᠢ ᠪᠠᠷ ᠠᠬᠢᠭᠤᠯᠵᠤ᠂ ᠭᠠᠵᠠᠷ ᠣᠷᠣᠨ ᠤ ᠬᠤᠭᠤᠷᠤᠨᠳᠤᠬᠢ ᠠᠷᠠᠯᠵᠢᠶ᠎ᠠ ᠬᠤᠳᠠᠯᠳᠤᠭ᠎ᠠ᠂ ᠵᠢᠭᠤᠯᠴᠢᠯᠠᠯ ᠪᠠ ᠰᠤᠶᠤᠯ ᠢᠷᠭᠡᠨᠰᠢᠯ ᠵᠡᠷᠭᠡ ᠬᠦᠷᠢᠶᠡᠨ ᠳᠠᠬᠢ ᠰᠣᠯᠢᠯᠴᠠᠭ᠎ᠠ ᠬᠠᠮᠲᠤᠷᠠᠯᠴᠠᠭ᠎ᠠ ᠶᠢ ᠨᠡᠮᠡᠭᠳᠡᠭᠦᠯᠬᠦ ᠪᠣᠯᠣᠨ᠎ᠠ᠃
 
ᠢᠷᠡᠯᠲᠡ᠄ ᠣᠷᠳᠣᠰ ᠬᠤᠲᠠ ᠶᠢᠨ ᠬᠠᠮ ᠵᠠᠭᠤᠴᠢᠯᠠᠭᠤᠷ ᠤᠨ ᠲᠥᠪ