ᠮᠠᠯᠴᠢᠨ ᠲᠣᠭᠲᠠᠬᠤ ᠶᠢᠨ ᠰᠢᠨ᠎ᠡ ᠠᠦ᠋ᠲ᠋ᠣᠴᠢᠯᠠᠭᠰᠨ ᠮᠠᠰᠢᠨ
ᠨᠡᠶᠢᠲᠡᠯᠡᠭᠰᠡᠨ ᠴᠠᠭ᠄
2024/7/5
    ᠰᠤᠷᠪᠤᠯᠵᠢᠯᠠᠭᠴᠢ ᠲᠣᠭᠲᠠᠬᠤ ᠲᠠᠢ ᠬᠠᠮᠲᠤ ᠲᠡᠭᠦᠨ ᠤ ᠪᠦᠷᠢᠨ ᠠᠦ᠋ᠲ᠋ᠣ᠋ ᠲᠡᠵᠢᠭᠡᠪᠦᠷᠢ ᠶᠢᠨ ᠮᠠᠰᠢᠨ ᠠᠪᠤᠭᠰᠠᠨ ᠡᠷᠦᠬᠡ ᠶᠢᠨ ᠣᠴᠢᠬᠤ ᠳᠤ ᠳᠡᠲᠡᠨ ᠤ ᠦᠬᠡᠷ  ᠨᠢ ᠪᠣᠷᠳᠤᠭ᠎ᠠ ᠢᠳᠡᠬᠦ ᠪᠠᠷ ᠢᠷᠡᠭᠡᠳ ᠬᠦᠯᠢᠶᠡᠭᠰᠡᠨ ᠪᠠᠶᠢᠯ᠎ᠠ᠃ ᠬᠡᠳᠦᠬᠡᠨ ᠲᠣᠪᠴᠢ ᠶᠢ ᠨᠢ ᠳᠠᠷᠤᠬᠤ ᠳᠤ ᠮᠠᠰᠢᠨ ᠨᠢ ᠣᠩᠭᠤᠴᠠᠨ ᠳᠤ ᠪᠣᠷᠳᠤᠭ᠎ᠠ ᠬᠢᠵᠤ᠂ ᠦᠬᠡᠷ ᠤᠳ ᠡᠮᠬᠢ ᠳᠠᠷᠠᠭ᠎ᠠ ᠲᠠᠢ ᠪᠠᠷ ᠪᠣᠷᠳᠤᠭ᠎ᠠ ᠪᠠᠨ ᠢᠳᠡᠵᠦ ᠡᠬᠢᠯᠡᠯ᠎ᠡ᠃    ᠪᠦᠷᠢᠨ ᠠᠦ᠋ᠲ᠋ᠣ᠋ ᠲᠡᠵᠢᠭᠡᠪᠦᠷᠢ ᠶᠢᠨ ᠮᠠᠰᠢᠨ ᠪᠣᠯ ᠲᠣᠭᠲᠠᠬᠤ ᠶᠢᠨ ᠰᠤᠳᠤᠯᠤᠨ ᠦᠢᠯᠡᠳᠦᠭᠰᠡᠨ ᠦᠬᠡᠷ ᠬᠤᠨᠢ ᠲᠡᠵᠢᠭᠡᠬᠦ‍ ᠨᠢᠭᠡ ᠵᠦᠢᠯ ᠤᠨ ᠰᠢᠨ᠎ᠡ ᠮᠠᠶ᠋ᠢᠭ ᠤᠨ ᠳᠥᠬᠦᠭᠡᠷᠦᠮᠵᠢ ᠪᠣᠯᠬᠤ ᠪᠦᠭᠡᠳ ᠤᠯᠤᠰ ᠤᠨ ᠲᠤᠰᠬᠠᠢ ᠠᠰᠢᠭ ᠤᠨ ᠡᠷᠬᠡ ᠶᠢ ᠭᠤᠶᠤᠴᠢᠯᠠᠵᠠᠢ᠃ ᠲᠤᠰ ᠳᠥᠬᠦᠭᠡᠷᠦᠮᠵᠢ ᠨᠢ ᠬᠦᠮᠦᠨ ᠤ ᠬᠦᠴᠦ ᠶᠢ ᠠᠷᠪᠢᠯᠠᠵᠤ᠂ ᠨᠢᠭᠡ ᠯᠠ ᠳᠡᠭᠡᠷ᠎ᠡ ᠨᠢᠭᠡ ᠭᠠᠷᠠᠭ ᠤᠨ ᠪᠣᠷᠳᠤᠭ᠎ᠠ ᠪᠠᠨ ᠬᠢᠵᠤ ᠴᠢᠳᠠᠬᠤ ᠪᠦᠭᠡᠳ ᠦᠬᠡᠷ ᠬᠤᠨᠢ ᠲᠡᠵᠢᠭᠡᠬᠦ ᠬᠤᠷᠳᠤᠴᠠ ᠶᠢ ᠳᠡᠭᠡᠭ᠌ᠰᠢᠯᠡᠭᠦᠯᠵᠤ ᠴᠢᠳᠠᠨ᠎ᠠ᠃    2024 ᠣᠨ ᠤ ᠣᠲᠤᠭ ᠬᠤᠰᠢᠭᠤᠨ ᠳᠤ ᠪᠣᠯᠣᠭᠰᠠᠨ ᠨᠠᠢᠮᠠᠳᠤᠭᠠᠷ ᠬᠤᠭᠤᠴᠠᠭᠠᠨ ᠤ ᠠᠷᠪᠠᠰ ᠤᠨ ᠨᠣᠣᠯᠣᠭᠤᠷ ᠤᠨ ᠴᠠᠭᠠᠨ ᠢᠮᠠᠭᠠᠨ ᠤ ᠡᠭᠦᠯᠳᠡᠷ ᠢ ᠰᠢᠯᠭᠠᠷᠠᠭᠤᠯᠬᠤ ᠶᠡᠭᠡ ᠬᠤᠷᠠᠯ ᠳᠡᠭᠡᠷᠡᠬᠢ ᠣᠳᠣ ᠦᠶ᠎ᠡ ᠶᠢᠨ ᠲᠠᠷᠢᠶᠠᠯᠠᠩ ᠮᠠᠯ ᠠᠵᠤ ᠠᠬᠤᠢ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠦᠵᠡᠭᠦᠯᠭᠡ ᠶᠢᠨ ᠦᠨᠡᠯᠡᠯᠲᠡ ᠳᠤ᠂ ᠲᠤᠭᠲᠠᠬᠤ ᠶᠢᠨ ᠪᠦᠷᠢᠨ ᠠᠦ᠋ᠲ᠋ᠤ᠋ ᠲᠡᠵᠢᠭᠡᠪᠦᠷᠢ ᠶᠢᠨ ᠮᠠᠰᠢᠨ᠂ ᠨᠡᠭᠦᠳᠡᠯ ᠮᠠᠶ᠋ᠢᠭ ᠤᠨ ᠤᠬᠢᠶᠠᠯᠭ᠎ᠠ ᠶᠢᠨ ᠳᠥᠬᠦᠭᠡᠷᠦᠮᠵᠢ᠂ ᠬᠤᠨᠢ ᠰᠠᠪᠠᠯᠠᠬᠤ ᠳᠥᠬᠦᠭᠡᠷᠦᠮᠵᠢ ᠨᠢ ᠲᠠᠷᠢᠶᠠᠯᠠᠩ ᠮᠠᠯ ᠠᠵᠤ ᠠᠬᠤᠢ ᠶᠢᠨ ᠮᠠᠰᠢᠨ ᠤ ᠡᠭᠦᠳᠦᠯᠲᠡ ᠶᠢᠨ ᠰᠢᠨ᠎ᠡ ᠡᠭᠦᠳᠦᠯᠲᠡ ᠶᠢᠨ ᠱᠠᠩᠨᠠᠯ ᠢ ᠬᠦᠷᠲᠡᠭᠰᠡᠨ ᠪᠠᠶᠢᠨ᠎ᠠ᠃    ᠲᠣᠭᠲᠠᠬᠤ ᠪᠣᠯ ᠣᠲᠤᠭ ᠬᠤᠰᠢᠭᠤᠨ ᠤ ᠠᠷᠪᠠᠰ ᠰᠣᠮᠣᠨ ᠤ ᠠᠷᠤᠪᠤᠯᠠᠭ ᠭᠠᠴᠠᠭᠠᠨ ᠤ ᠮᠠᠯᠴᠢᠨ ᠶᠤᠮ᠃ 2015 ᠣᠨ ᠠᠴᠠ ᠡᠬᠢᠯᠡᠨ ᠭᠠᠩᠨᠠᠭᠤᠷ ᠤᠨ ᠠᠵᠢᠯ ᠢᠶᠠᠨ ᠡᠬᠢᠯᠡᠭᠦᠯᠵᠤ᠂ ᠠᠩᠬᠠᠨ ᠳᠠᠭᠠᠨ ᠮᠠᠯᠵᠢᠬᠤ ᠣᠷᠣᠨ ᠳᠤ ᠬᠡᠷᠡᠭᠯᠡᠳᠡᠭ ᠮᠠᠯu ᠲᠡᠵᠢᠭᠡᠪᠦᠷᠢ ᠶᠢᠨ ᠣᠩᠭᠤᠴᠠ᠂ ᠡᠪᠡᠰᠦᠨ ᠱᠦᠭᠦᠭᠦᠯ ᠵᠡᠷᠭᠡ ᠳᠤ ᠮᠠᠰᠢᠨ ᠤᠭᠰᠠᠷᠠᠨ ᠠᠦ᠋ᠲ᠋ᠤᠴᠢᠯᠠᠭᠰᠠᠨ ᠮᠠᠰᠢᠨ ᠵᠣᠬᠢᠶᠠᠵᠤ ᠪᠠᠶᠢᠵᠠᠢ᠃ ᠡᠬᠢᠯᠡᠩᠭᠦᠳᠡ ᠪᠠᠨ ᠬᠢᠭᠰᠡᠨ ᠳᠥᠬᠦᠭᠡᠷᠦᠮᠵᠢ ᠨᠢ ᠵᠠᠭᠤᠨ ᠤ ᠲᠠᠪᠢ ᠵᠢᠷᠠ ᠶᠢᠨ ᠴᠦ ᠪᠠᠲᠤᠯᠠᠭ᠎ᠠ ᠦᠭᠡᠢ ᠪᠦᠲᠦᠬᠦ ᠦᠭᠡᠢ ᠢᠯᠠᠭᠳᠠᠭᠰᠠᠨ ᠤᠳᠠᠭ᠎ᠠ ᠣᠯᠠᠨ ᠭᠠᠷᠴᠠᠢ᠃ ᠭᠡᠪᠡᠴᠦ ᠲᠡᠷᠡ ᠤᠷᠮ᠎ᠠ ᠬᠤᠭᠤᠷᠴᠦ ᠬᠤᠶᠢᠰᠢ ᠰᠠᠭᠤᠭᠰᠠᠨ ᠦᠭᠡᠢ ᠪᠠᠷ ᠤᠯᠠᠮ ᠴᠢᠷᠮᠠᠶᠢᠨ ᠠᠵᠢᠯᠯᠠᠵᠤ ᠰᠢᠨ᠎ᠡ ᠵᠠᠭᠪᠤᠷ ᠲᠦᠰᠦᠭᠡᠯᠡᠨ ᠭᠠᠷᠭᠠᠵᠤ᠂ ᠣᠳᠣ ᠪᠣᠯᠬᠤ ᠳᠤ ᠲᠡᠭᠦᠨ ᠤ ᠡᠭᠦᠳᠦᠯᠲᠡ ᠨᠢ ᠴᠦ ᠮᠠᠰᠢ ᠣᠯᠠᠨ ᠮᠠᠯᠴᠢᠨ ᠲᠠᠷᠢᠶᠠᠴᠢᠨ ᠤ ᠬᠦᠷᠢᠶᠡᠯᠡᠯ ᠢ ᠣᠯᠵᠤ᠂ ᠵᠠᠬ᠎ᠠ ᠳᠡᠯᠭᠡᠭᠦᠷ ᠤᠨ ᠱᠠᠭᠠᠷᠳᠠᠯᠭ᠎ᠠ ᠳᠤ ᠨᠡᠶᠢᠴᠡᠵᠤ᠂ ᠥᠪᠡᠷ ᠢᠶᠠᠨ ᠴᠦ ᠨᠡᠩ ᠢᠲᠡᠭᠡᠯ ᠵᠣᠷᠢᠭ ᠲᠠᠢ ᠪᠣᠯᠵᠠᠢ᠃    ᠣᠳᠣ ᠲᠤᠭᠲᠠᠬᠤ ᠰᠢᠨ᠎ᠡ ᠮᠠᠰᠢᠨ ᠲᠦᠰᠦᠪᠯᠡᠵᠤ ᠶᠠᠭᠠᠷᠠᠨ᠎ᠠ᠃ ︽ᠡᠨᠡ ᠬᠦ ᠮᠠᠰᠢᠨ ᠨᠢ ᠡᠭᠦᠳᠦᠨ ᠪᠦᠲᠦᠭᠡᠬᠦ ᠠᠴᠠ ᠡᠬᠢᠯᠡᠭᠡᠳ ᠦᠢᠯᠡᠳᠪᠦᠷᠢᠯᠡᠬᠦ ᠳᠤ ᠮᠠᠰᠢ ᠪᠣᠳᠣᠯᠢᠶᠠᠨᠲᠠᠢ᠂ ᠥᠪᠡᠷ ᠨᠢ ᠴᠦ ᠥᠨᠳᠥᠷ᠂ ᠬᠤᠨᠢ ᠲᠣᠭᠠᠯᠠᠵᠤ ᠲᠥᠷᠥᠯ ᠬᠤᠪᠢᠶᠠᠬᠤ ᠮᠠᠰᠢᠨ ᠪᠣᠯᠣᠨ᠎ᠠ᠃ ᠭᠡᠪᠡᠴᠦ ᠠᠮᠵᠢᠯᠲᠠ ᠳᠤ ᠬᠦᠷᠴᠦ ᠴᠢᠳᠠᠬᠤ ᠦᠭᠡᠢ ᠪᠠᠶᠢᠵᠤ ᠴᠦ ᠮᠡᠳᠡᠨ᠎ᠡ︾ ᠭᠡᠵᠤ ᠲᠤᠭᠲᠠᠬᠤ ᠳᠠᠷᠠᠭᠠᠴᠢ ᠶᠢᠨ ᠲᠥᠯᠥᠪᠯᠡᠭᠡ ᠪᠠᠨ ᠪᠢᠳᠠᠨ ᠳᠤ ᠢᠩᠬᠢᠵᠤ ᠬᠡᠯᠡᠵᠤ ᠥᠭᠪᠡ᠃ ᠠᠮᠵᠢᠯᠲᠠ ᠳᠤ ᠬᠦᠷᠬᠦ ᠳᠤ ᠢᠯᠠᠭᠳᠠᠯ ᠪᠣᠯ ᠦᠷᠭᠦᠯᠵᠢ ᠶᠢᠨ ᠤᠴᠢᠷ᠃ ᠬᠤᠶᠢᠰᠢᠳᠠ ᠲᠤᠭᠲᠠᠬᠤ ᠨᠡᠩ ᠣᠯᠠᠨ ᠨᠡᠩ ᠰᠠᠶᠢᠨ ᠪᠦᠲᠦᠭᠡᠯ ᠢᠶᠠᠷ ᠰᠢᠨ᠎ᠡ ᠬᠥᠳᠡᠭᠡ ᠲᠣᠰᠬᠤᠨ ᠤ ᠪᠦᠲᠦᠭᠡᠨ ᠪᠠᠶᠢᠭᠤᠯᠤᠯᠲᠠ ᠳᠤ ᠥᠪᠡᠷ ᠤᠨ ᠬᠤᠪᠢ ᠨᠡᠮᠡᠷᠢ ᠪᠠᠨ ᠦᠵᠡᠭᠦᠯᠬᠦ ᠨᠢ ᠯᠠᠪᠲᠠᠢ᠃
 
ᠢᠷᠡᠯᠲᠡ᠄ ᠤᠷᠳᠤᠰ ᠬᠤᠲᠠ ᠶᠢᠨ ᠬᠠᠮ ᠵᠠᠭᠤᠴᠢᠯᠠᠭᠤᠷ ᠤᠨ ᠲᠥᠪ