︽ᠰᠢᠳᠤ ᠬᠤᠷᠤᠬᠠᠢᠢᠳᠤᠬᠤ︾᠎ ᠨᠢ ᠰᠢᠳᠤ ᠶᠢ ᠬᠤᠷᠤᠬᠠᠢ ᠢᠳᠡᠭᠰᠡᠨ ᠤᠴᠢᠷ ᠪᠢᠰᠢ
ᠨᠡᠶᠢᠲᠡᠯᠡᠭᠰᠡᠨ ᠴᠠᠭ᠄
2024/9/10
    ᠬᠦᠮᠤᠰ ᠶᠡᠷᠤ ᠳᠤ ᠪᠠᠨ ︽ᠰᠢᠳᠤ ᠬᠤᠷᠤᠬᠠᠢᠢᠳᠤᠬᠤ︾᠎ ᠨᠢ ᠰᠢᠳᠤ ᠶᠢ ᠬᠤᠷᠤᠬᠠᠢ ᠢᠳᠡᠭᠰᠡᠨ ᠠᠴᠠ ᠪᠤᠯᠵᠠᠢ ᠬᠡᠵᠤ ᠬᠡᠯᠡᠳᠡᠭ᠃ ᠠᠮᠠ ᠪᠠᠨ ᠠᠩᠭᠠᠢᠢᠵᠤ ᠳᠤᠯᠢᠨ ᠳᠤ ᠦᠵᠡᠪᠡᠯ ᠰᠢᠳᠤᠨ ᠳᠡᠬᠡᠷ᠎ᠠ ᠨᠢ ᠦᠨᠡᠬᠡᠷ ᠨᠦᠬᠡ ᠪᠠᠶᠢᠬᠤ ᠪᠦᠬᠡᠳ ᠪᠠᠰᠠ ᠬᠠᠷ᠎ᠠ ᠦᠩᠬᠡᠳᠠᠢ ᠳᠤᠯᠠ ᠶᠠᠭ ᠯᠠ ᠬᠤᠷᠤᠬᠠᠢ ᠢᠳᠡᠭᠰᠡᠨ ᠰᠢᠭ᠃ ᠦᠨᠠᠨ ᠳᠤ ᠪᠠᠨ ︽ᠰᠢᠳᠤ ᠬᠤᠷᠤᠬᠠᠢᠢᠳᠤᠬᠤ︾᠎ ᠨᠢ ᠰᠢᠳᠤ ᠶᠢ ᠬᠤᠷᠤᠬᠠᠢ ᠢᠳᠡᠭᠰᠡᠨ ᠪᠢᠰᠢ᠂ ᠬᠠᠷᠢᠨ ᠪᠠᠺᠲ᠋ᠧᠷᠢ ᠬᠤᠤᠷ ᠬᠢᠭᠰᠡᠨ ᠪᠠᠶᠢᠨ᠎ᠠ᠃ ᠠᠨᠠᠭᠠᠬᠤ ᠤᠬᠠᠭᠠᠨ ᠳᠡᠬᠡᠷ᠎ᠠ ᠪᠤᠯ ᠡᠬᠦᠨ ᠢ ︽ᠰᠢᠳᠤ ᠬᠤᠷᠤᠬᠠᠢᠢᠳᠤᠬᠤ︾ ᠬᠡᠵᠤ ᠬᠡᠯᠡᠳᠡᠭ ᠦᠬᠡᠢ᠂ ᠬᠠᠷᠢᠨ ︽ᠰᠢᠳᠤ ᠬᠦᠨᠳᠡᠶᠢᠷᠡᠬᠦ︾ ᠬᠡᠳᠡᠭ᠃ ᠪᠢᠳᠠ ᠢᠳᠡᠬᠡᠨ ᠢᠳᠡᠬᠦ ᠪᠦᠷᠢ ᠢᠳᠡᠬᠡᠨ ᠤ ᠰᠢᠪᠬᠠᠷᠤᠤ ᠨᠢ ᠰᠢᠳᠤᠨ ᠵᠠᠪᠰᠠᠷ ᠪᠤᠶᠤ ᠰᠢᠳᠤᠨ ᠳᠡᠬᠡᠷ᠎ᠠ ᠪᠠᠭ᠎ᠠ ᠰᠠᠭ᠎ᠠ ᠨᠠᠭᠠᠯᠳᠤᠨ ᠬᠤᠴᠤᠷᠳᠠᠭ᠃ ᠬᠡᠷᠪᠠ ᠰᠢᠳᠤᠨ ᠤ ᠠᠷᠢᠭᠤᠨ ᠴᠡᠪᠡᠷ ᠢ ᠠᠩᠬᠠᠷᠬᠤ ᠦᠬᠡᠢ ᠪᠤᠯ ᠠᠮᠠᠨ ᠳᠤᠳᠤᠷᠠᠬᠢ ᠪᠠᠺᠲ᠋ᠧᠷᠢ ᠨᠢ ᠢᠳᠡᠬᠡᠨ ᠤ ᠰᠢᠪᠬᠠᠷᠤᠤ ᠳᠤ ᠤᠷᠤᠭᠠᠳ ᠳᠡᠬᠦᠨ ᠢ ᠢᠰᠤᠯᠳᠤᠬᠦᠯᠵᠤ ᠬᠦᠴᠢᠯ ᠴᠢᠨᠠᠷᠳᠠᠢ ᠡᠳ᠋ ᠪᠤᠯᠭᠠᠳᠠᠭ᠃ ᠰᠢᠳᠤᠨ ᠤ ᠭᠤᠤᠯ ᠪᠦᠷᠢᠯᠳᠤᠬᠦᠨ ᠺᠠᠯᠼ ᠨᠢ ᠬᠦᠴᠢᠯ ᠲᠠᠢ ᠠᠭᠤᠯᠵᠠᠪᠠᠯ ᠳᠠᠷᠤᠢ ᠬᠢᠯᠪᠠᠷᠬᠠᠨ ᠠᠭᠤᠰᠳᠠᠭ᠂ ᠬᠦᠮᠤᠨ ᠬᠡᠷᠪᠠ ᠤᠷᠳᠤ ᠬᠤᠭᠤᠴᠠᠭ᠎ᠠ ᠰᠢᠳᠤ ᠪᠠᠨ ᠱᠤᠧᠠᠰᠠᠳᠠᠵᠤ ᠠᠮᠠ ᠪᠠᠨ ᠵᠠᠶᠢᠯᠬᠤ ᠦᠬᠡᠢ ᠪᠤᠯ ᠤᠳᠠᠭᠠᠨ ᠳᠤ ᠪᠠᠨ ᠦᠩᠬᠡᠨ ᠳᠠᠯ᠎ᠠ ᠳᠠᠪᠬᠤᠷᠭ᠎ᠠ ᠳᠠᠬᠢ ᠰᠢᠳᠤᠨ ᠤ ᠹᠠᠯᠠᠨ ᠨᠢ ᠬᠡᠮᠳᠤᠬᠦ ᠪᠤᠯᠤᠨ᠎ᠠ᠃ ᠰᠢᠳᠤᠨ ᠤ ᠬᠤᠳᠦ᠋ᠢᠵᠤ ᠤᠷᠤᠭᠰᠠᠨ ᠬᠡᠰᠡᠭ ᠲᠤ ᠨᠢ ᠢᠳᠡᠬᠡᠨ ᠤ ᠰᠢᠪᠬᠠᠷᠤᠤ ᠨᠠᠩ ᠠᠮᠠᠷᠬᠠᠨ ᠬᠤᠷᠠᠮᠳᠤᠳᠠᠭ ᠪᠤᠯᠬᠤᠷ ᠳᠠᠷᠠ ᠨᠢ ᠪᠠᠺᠲ᠋ᠧᠷᠢ ᠶᠢᠨ ᠦᠷᠡᠵᠢᠵᠤ ᠦᠰᠬᠦ ᠳᠠᠯᠠᠪᠠᠢ ᠪᠤᠯᠳᠠᠭ᠃ ᠢᠳᠡᠭᠳᠡᠬᠦ ᠳᠤᠳᠤᠮ ᠤᠯᠠᠮ ᠬᠦᠨ ᠪᠤᠯᠵᠤ᠂ ᠶᠠᠭ ᠯᠠ ᠬᠤᠷᠤᠬᠠᠢ ᠳᠤ ᠢᠳᠡᠭᠳᠡᠭᠰᠡᠨ ᠰᠢᠭ ᠨᠦᠬᠡ ᠭᠠᠷᠳᠠᠭ᠃ ᠬᠦᠮᠤᠰ ︽ᠰᠢᠳᠤ ᠡᠪᠡᠳᠬᠦ ᠨᠢ ᠡᠪᠡᠳᠴᠢᠨ ᠳᠤ ᠳᠤᠭᠠᠴᠠᠭᠳᠠᠬᠤ ᠦᠬᠡᠢ᠂ ᠡᠪᠡᠳᠤᠬᠡᠳ ᠡᠬᠢᠯᠡᠪᠡᠯ ᠠᠮᠢ ᠠᠪᠤᠮᠠᠷ︾ ᠬᠡᠵᠤ ᠬᠡᠯᠡᠳᠡᠭ᠃ ᠰᠢᠳᠤᠨ ᠤ ᠹᠠᠯᠠᠨ ᠡᠳ᠋ ᠨᠢ ᠬᠤᠪᠬᠤᠷᠠᠵᠤ ᠤᠨᠠᠭᠠᠳ ᠰᠢᠳᠤᠨ ᠡᠳ᠋ ᠨᠢ ᠢᠯᠡᠷᠡᠭᠰᠡᠨ ᠦᠶ᠎ᠠ ᠳᠤ ᠬᠦᠴᠢᠳᠠᠢ᠂ ᠠᠮᠳᠠᠳᠠᠢ᠂ ᠬᠦᠢᠳᠡᠨ᠂ ᠬᠠᠯᠠᠭᠤᠨ ᠵᠡᠷᠬᠡ ᠰᠡᠳᠤᠯᠳᠠ ᠳᠤ ᠳᠤᠬᠢᠶᠠᠯᠳᠤᠪᠠᠯ ᠳᠡᠰᠪᠤᠷᠢᠯᠡᠬᠦᠶ᠎ᠠ ᠪᠡᠷᠬᠡ ᠪᠤᠯᠳᠠᠯ᠎ᠠ ᠱᠠᠷᠬᠢᠷᠠᠵᠤ ᠡᠪᠡᠳᠳᠡᠭ᠃ ᠬᠡᠷᠪᠠ ᠪᠠᠺᠲ᠋ᠧᠷᠢ ᠨᠢ ᠰᠢᠳᠤᠨ ᠡᠳ᠋ ᠤᠨ ᠳᠦᠪ ᠊᠊᠊᠊ ᠰᠢᠳᠤᠨ ᠤ ᠴᠢᠮᠤᠬᠡᠨ ᠳᠤ ᠰᠢᠷᠭᠤᠨ ᠤᠷᠤᠪᠠᠯ ᠦᠷᠪᠢᠰᠤᠯ ᠡᠬᠦᠰᠬᠡᠵᠤ ᠢᠳᠡᠬᠡᠯᠡᠳᠡᠭ ᠳᠤᠯᠠ ᠨᠠᠩ ᠰᠦᠷᠡᠬᠡᠢ ᠡᠪᠡᠳᠤᠬᠦᠯᠳᠡᠭ᠃ ᠰᠦᠷᠡᠬᠡᠢ ᠡᠪᠡᠳᠳᠡᠭ ᠤᠨ ᠰᠢᠯᠳᠠᠭᠠᠨ ᠨᠢ ᠰᠢᠳᠤᠨ ᠤ ᠴᠢᠮᠤᠬᠡ ᠪᠤᠯ ᠪᠠᠳᠤ ᠪᠠᠬᠢ ᠶᠠᠰᠤᠯᠢᠬ ᠡᠳ᠋ ᠲᠤ ᠪᠠᠭᠯᠠᠭᠳᠠᠵᠤ᠂ ᠠᠭᠰᠢᠵᠤ ᠳᠡᠯᠡᠭᠳᠡᠬᠦ ᠪᠤᠯᠤᠯᠴᠠᠭ᠎ᠠ ᠦᠬᠡᠢ ᠪᠤᠯᠬᠤᠷ ᠬᠡᠷᠪᠠ ᠬᠠᠪᠤᠳᠪᠠᠯ ᠰᠢᠳᠤᠨ ᠤ ᠮᠡᠳᠡᠷᠡᠯ ᠢ ᠴᠢᠩᠭ᠎ᠠ ᠳᠠᠷᠤᠭᠠᠳ᠂ ᠰᠦᠷᠡᠬᠡᠢ ᠡᠪᠡᠳᠤᠬᠦᠯᠳᠡᠭ᠃ ︽ᠰᠢᠳᠤ ᠬᠤᠷᠤᠬᠠᠢᠢᠳᠤᠬᠤ︾᠎ ᠶᠢ ᠤᠷᠢᠳᠴᠢᠯᠠᠨ ᠰᠡᠷᠬᠡᠶᠢᠯᠡᠵᠤ ᠪᠤᠯᠤᠨ᠎ᠠ᠃ ᠡᠬᠦᠨ ᠳᠤ ᠪᠡᠶ᠎ᠠ ᠶᠢᠨ ᠪᠤᠯᠪᠠᠰᠤᠷᠠᠯ ᠢ ᠠᠩᠬᠠᠷᠬᠤ ᠶᠢᠨ ᠬᠠᠮᠳᠤ᠂ ᠡᠳᠤᠷ ᠪᠦᠷᠢ ᠰᠢᠳᠤ ᠪᠠᠨ ᠱᠤᠧᠠᠰᠠᠳᠠᠠ ᠠᠮᠠ ᠪᠠᠨ ᠵᠠᠶᠢᠯᠵᠤ᠂ ᠠᠮᠠᠨ ᠬᠦᠨᠳᠡᠢ ᠶᠢ ᠠᠷᠢᠭᠤᠨ ᠴᠡᠪᠡᠷ ᠪᠠᠶᠢᠯᠭᠠᠵᠤ᠂ ᠪᠠᠺᠲ᠋ᠧᠷᠢ ᠶᠡᠭᠡ ᠬᠡᠮᠵᠢᠶ᠎ᠠ ᠪᠠᠷ ᠦᠷᠡᠵᠢᠬᠦ ᠵᠠᠪᠰᠢᠶᠠᠨ ᠢ ᠦᠬᠡᠶᠢᠰᠬᠡᠬᠦ ᠬᠡᠷᠡᠭᠳᠡᠢ᠃      
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ