2024 ︽ᠣᠷᠳᠣᠰ ᠰᠣᠶᠣᠯ ᠤᠨ ᠳᠤᠮᠳᠠᠳᠤ ᠤᠯᠤᠰ ᠲᠠᠬᠢ ᠠᠶᠠᠯᠠᠯ︾ ᠴᠦᠩᠴᠢᠩ ᠳᠤ ᠶᠠᠪᠤᠭᠳᠠᠨ᠎ᠠ
ᠨᠡᠶᠢᠲᠡᠯᠡᠭᠰᠡᠨ ᠴᠠᠭ᠄
2024/9/20
    9 ᠰᠠᠷ᠎ᠠ ᠶᠢᠨ 20 ~ 24᠎ ᠤ ᠡᠳᠦᠷ᠂ ᠣᠷᠳᠣᠰ ᠬᠤᠲᠠ ᠶᠢᠨ ᠨᠠᠮ ᠤᠨ ᠬᠤᠷᠢᠶᠠᠨ ᠤ ᠤᠬᠠᠭᠤᠯᠬᠤ ᠬᠡᠯᠲᠡᠰ ᠠᠴᠠ ᠭᠤᠣᠯᠯᠠᠨ ᠡᠷᠬᠢᠯᠡᠭᠰᠡᠨ  ︽ᠣᠷᠳᠣᠰ ᠰᠣᠶᠣᠯ ᠤᠨ ᠳᠤᠮᠳᠠᠳᠤ ᠤᠯᠤᠰ ᠲᠠᠬᠢ ᠠᠶᠠᠯᠠᠯ  — 2024 ᠴᠦᠩᠴᠢᠩ ᠤᠨ ᠠᠵᠢᠯᠯᠠᠭᠠᠨ ᠤ ᠭᠠᠷᠠᠭ︾᠎ ᠢ ᠴᠦᠩᠴᠢᠩ ᠬᠤᠲᠠ ᠳᠤ ᠶᠠᠪᠤᠭᠳᠠᠭᠤᠯᠤᠨ᠎ᠠ᠃    ᠣᠷᠳᠣᠰ ᠰᠣᠶᠣᠯ ᠤᠨ ᠳᠤᠮᠳᠠᠳᠤ ᠤᠯᠤᠰ ᠲᠠᠬᠢ ᠠᠶᠠᠯᠠᠯ ᠨᠢ 2006 ᠣᠨ ᠳᠤ ᠡᠬᠢᠯᠡᠭᠰᠡᠨ ᠠᠴᠠ ᠨᠠᠭᠠᠰᠢ ᠪᠡᠭᠡᠵᠢᠩ᠂ ᠱᠠᠩᠬᠠᠢ᠂ ᠭᠤᠸᠠᠩᠵᠧᠦ᠂ ᠰᠢᠶᠠᠩᠭᠠᠩ ᠵᠡᠷᠭᠡ ᠣᠯᠠᠨ ᠬᠤᠲᠠ ᠪᠠ ᠭᠠᠵᠠᠷ ᠣᠷᠣᠨ ᠳᠤ ᠵᠠᠯᠭᠠᠪᠡᠷ ᠶᠠᠪᠤᠭᠳᠠᠵᠠᠢ᠃ ᠲᠣᠰ ᠤᠳᠠᠭ᠎ᠠ ᠴᠦᠩᠴᠢᠩ ᠳᠤ ᠪᠦᠲᠦᠭᠡᠯᠴᠢ ᠰᠣᠶᠣᠯ ᠤᠨ ᠦᠵᠡᠭᠦᠯᠭᠡ᠂ ᠭᠡᠷᠡᠯ ᠵᠢᠷᠤᠭ ᠤᠨ ᠦᠵᠡᠭᠦᠯᠭᠡ᠂ ᠣᠨᠴᠠ ᠭᠠᠷᠤᠯᠲᠠ ᠶᠢᠨ ᠦᠵᠡᠭᠦᠯᠭᠡ ᠵᠢᠴᠢ ᠬᠤᠲᠠ ᠶᠢᠨ ᠲᠠᠨᠢᠯᠴᠠᠭᠤᠯᠭ᠎ᠠ᠂ ᠴᠢᠳᠠᠪᠤᠷᠢᠲᠠᠨ ᠤ ᠲᠠᠨᠢᠯᠴᠠᠭᠤᠯᠭ᠎ᠠ ᠵᠡᠷᠭᠡ ᠣᠯᠠᠨ ᠵᠦᠢᠯ ᠤᠨ ᠬᠡᠯᠪᠡᠷᠢ ᠪᠠᠷ ᠶᠠᠪᠤᠭᠳᠠᠨ᠎ᠠ᠃
微信图片_20240919111637.jpg
ᠢᠷᠡᠯᠲᠡ᠄ ᠣᠷᠳᠣᠰ ᠬᠤᠲᠠ ᠶᠢᠨ ᠬᠠᠮ ᠵᠠᠭᠤᠴᠢᠯᠠᠭᠤᠷ ᠤᠨ ᠲᠥᠪ