ᠦᠦᠰᠢᠨ ᠬᠤᠰᠢᠭᠤ ᠨᠠᠷᠢᠨ ᠨᠣᠤᠰᠣᠳᠣ ᠲᠥᠯᠵᠢᠬᠦ ᠬᠤᠨᠢᠨ ᠤ ᠲᠡᠵᠢᠭᠡᠯ ᠪᠣᠷᠳᠤᠭ᠎ᠠ ᠬᠤᠪᠢᠶᠠᠵᠤ ᠪᠠᠶᠢᠨ᠎ᠠ
ᠨᠡᠶᠢᠲᠡᠯᠡᠭᠰᠡᠨ ᠴᠠᠭ᠄
2024/9/3
    ᠣᠶᠢᠷ᠎ᠠ ᠶᠢᠨ ᠡᠳᠤᠷ᠂ ᠦᠣᠰᠢᠨ ᠬᠤᠰᠢᠭᠤᠨ ᠤ ᠭᠠᠯᠠᠭᠤᠲᠤ ᠪᠠᠯᠭᠠᠰᠳ ᠤ ᠰᠠᠡᠪᠭᠦᠯ ᠭᠠᠴᠠᠭ᠎ᠠ ᠨᠢ ᠲᠣᠰ ᠭᠠᠴᠠᠭᠠᠨ ᠤ ᠪᠠᠨ ᠣᠷᠳᠣᠰ ᠤᠨ ᠨᠠᠷᠢᠨ ᠨᠣᠣᠰᠣᠳᠣ ᠬᠤᠨᠢ ᠲᠠᠵᠢᠭᠡᠨ ᠮᠠᠯᠵᠢᠵᠤ ᠪᠠᠶᠢᠭ᠎ᠠ ᠡᠷᠣᠭᠡ ᠳᠤ ᠲᠦᠯᠵᠢᠬᠦ ᠬᠤᠨᠢᠨ ᠤ ᠲᠠᠵᠢᠭᠡᠯ ᠪᠣᠷᠳᠤᠭ᠎ᠠ ᠬᠤᠪᠢᠶᠠᠭᠠᠳ ᠶᠠᠭᠠᠷᠠᠵᠤ ᠪᠠᠶᠢᠯ᠎ᠠ᠃ ᠨᠡᠨ ᠤᠳᠠᠭ᠎ᠠ ᠰᠠᠪᠭᠦᠯ ᠭᠠᠴᠠᠭ᠎ᠠ ᠎ ᠨᠢ ᠪᠥᠬᠦ ᠭᠠᠴᠠᠭᠠᠨ ᠤ 2000 ᠭᠠᠷᠣᠢ ᠣᠷᠳᠤᠰ ᠤᠨ ᠨᠠᠷᠢᠨ ᠨᠣᠣᠰᠣᠳᠣ ᠲᠦᠯᠵᠢᠬᠦ ᠬᠤᠨᠢᠨ ᠳᠤ 74 ᠲᠣᠨ ᠲᠠᠵᠢᠭᠡᠯ ᠪᠣᠷᠳᠤᠭ᠎ᠠ ᠬᠤᠪᠢᠶᠠᠨ ᠲᠠᠷᠬᠠᠭᠠᠵᠤ᠂ ᠦᠨᠳᠤᠷ ᠦᠷ᠎ᠡ ᠠᠰᠢᠭ ᠲᠠᠢ ᠪᠠᠷ ᠮᠠᠯ ᠮᠠᠯᠵᠢᠬᠤ ᠮᠡᠷᠭᠡᠵᠢᠯ  ᠢ ᠲᠠᠯᠭᠡᠷᠡᠭᠦᠯᠬᠦ ᠶᠢ ᠪᠦᠳᠣᠮᠵᠢᠳᠡᠢ ᠠᠬᠢᠭᠤᠯᠵᠤ᠂ ᠲᠠᠵᠢᠭᠡᠨ ᠮᠠᠯᠵᠢᠬᠤ ᠡᠷᠦᠬᠡ ᠶᠢ ᠬᠠᠪᠰᠦᠷᠴᠦ ᠣᠷᠳᠣᠰ ᠤᠨ ᠨᠠᠷᠢᠨ ᠨᠣᠣᠰᠣᠳᠣ ᠬᠤᠨᠢᠨ ᠤ ᠲᠦᠯᠯᠡᠬᠦ ᠨᠣᠷᠮ᠎ᠠ ᠶᠢ ᠳᠡᠭᠡᠭᠰᠢᠯᠡᠭᠦᠯᠬᠦ ᠪᠠᠷ ᠪᠠᠶᠢᠨ᠎ᠠ᠃    ᠣᠶᠢᠯᠠᠭᠠᠭᠰᠠᠨ ᠢᠶᠠᠷ᠂ ᠡᠨᠡ ᠵᠢᠯ ᠦᠣᠰᠢᠨ ᠬᠤᠰᠢᠭᠤ ᠨᠢ ᠪᠥᠬᠦ ᠬᠤᠰᠢᠭᠤᠨ ᠤ ᠰᠤᠮᠤ ᠪᠠᠯᠭᠠᠰᠤᠨ ᠤ 24 ᠭᠠᠴᠠᠭ᠎ᠠ ᠲᠣᠰᠬᠤᠨ ᠤ ᠣᠷᠳᠣᠰ ᠤᠨ ᠨᠠᠷᠢᠨ ᠨᠣᠣᠰᠣᠳᠣ ᠬᠤᠨᠢ ᠲᠠᠵᠢᠭᠡᠨ ᠮᠠᠯᠵᠢᠬᠤ ᠵᠢᠱᠢᠶ᠎ᠡ ᠦᠵᠡᠭᠦᠯᠬᠦ ᠡᠷᠣᠭᠡ ᠳᠤ7 19 ᠲᠦᠮᠡᠨ ᠲᠥᠬᠦᠷᠢᠭ ᠤᠨ ᠦᠷᠳᠡᠭ ᠪᠥᠬᠦᠢ 2300 ᠭᠠᠷᠣᠢ ᠲᠣᠨ ᠨᠠᠷᠢᠯᠢᠭ ᠲᠠᠵᠢᠭᠡᠯ ᠪᠣᠷᠳᠤᠭ᠎ᠠ ᠤᠷᠣᠭᠤᠯᠤᠨ ᠠᠪᠴᠢᠷᠠᠵᠤ᠂ ᠬᠤᠰᠢᠭᠤ ᠡᠳ᠋ ᠤᠨ ᠵᠠᠰᠠᠭ ᠠᠴᠠ 50%᠎ ᠶᠢ ᠨᠥᠬᠦᠪᠦᠷᠢᠯᠡᠵᠤ᠂ ᠲᠠᠵᠢᠭᠡᠨ ᠮᠠᠯᠵᠢᠬᠤ ᠡᠷᠣᠭᠡ ᠠᠴᠠ 50%᠎ ᠶᠢᠨ ᠮᠦᠩᠬᠦ ᠪᠠᠨ ᠥᠪᠠᠷᠲᠡᠭᠡᠨ ᠭᠠᠷᠭᠠᠬᠤ ᠮᠠᠶ᠋ᠢᠭ ᠢᠶᠠᠷ ᠬᠤᠪᠢᠶᠠᠨ ᠲᠠᠷᠬᠠᠭᠠᠵᠤ᠂ ᠪᠥᠬᠦ ᠬᠤᠰᠢᠭ᠋ᠳ ᠤ 76766 ᠣᠷᠳᠣᠰ ᠤᠨ ᠨᠠᠷᠢᠨ ᠨᠣᠣᠰᠣᠳᠣ ᠲᠦᠯᠵᠢᠬᠦ ᠬᠤᠨᠢᠨ ᠳᠤ ᠲᠡᠵᠢᠭᠡᠯ ᠪᠣᠷᠳᠤᠭ᠎ᠠ ᠲᠥᠭᠡᠭᠡᠬᠦ ᠪᠠᠷ ᠪᠠᠶᠢᠨ᠎ᠠ᠃
ᠢᠷᠡᠯᠲᠡ᠄ ᠤᠷᠳᠤᠰ ᠬᠤᠲᠠ ᠶᠢᠨ ᠬᠠᠮ ᠵᠠᠭᠤᠴᠢᠯᠠᠭᠤᠷ ᠤᠨ ᠲᠥᠪ