︽ᠬᠠᠮᠲᠤ ᠶᠢᠨ ᠴᠣᠭᠴᠠ ᠶᠢᠨ ᠤᠳᠬ᠎ᠠ ᠵᠣᠬᠢᠶᠠᠯ ᠤᠨ ᠨᠣᠮ ᠤᠳ᠂ ᠰᠢᠨ᠎ᠡ ᠵᠢᠯ ᠰᠢᠨ᠎ᠡ ᠨᠣᠮ ᠤᠨ ᠪᠣᠯᠵᠤᠭ᠎ᠠ︾ ᠰᠢᠨ᠎ᠡ ᠨᠣᠮ ᠤᠨ ᠬᠡᠪᠯᠡᠯ ᠳᠤ ᠵᠤᠯᠭᠠᠬᠤ ᠬᠤᠷᠠᠯ ᠪᠣᠯᠣᠯ᠎ᠠ
ᠨᠡᠶᠢᠲᠡᠯᠡᠭᠰᠡᠨ ᠴᠠᠭ᠄
2025/1/13
      ᠰᠢᠨ᠎ᠡ ᠣᠨ ᠤ ᠰᠢᠨ᠎ᠡ ᠭᠠᠷᠤᠭ᠎ᠠ ᠪᠠᠷ᠂ ᠦᠣᠰᠢᠨ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠣᠭ᠎ᠠ ᠶᠢᠨ ᠵᠣᠬᠢᠶᠠᠯᠴᠢᠳ ᠤᠨ ᠡᠪᠯᠡᠯ ᠠᠴᠠ ᠭᠤᠣᠤᠯᠯᠠᠨ ᠡᠷᠬᠢᠯᠡᠭᠰᠡᠨ ︽ᠬᠠᠮᠲᠤ ᠶᠢᠨ ᠴᠣᠭᠴᠠ ᠶᠢᠨ ᠤᠳᠬ᠎ᠠ ᠵᠣᠬᠢᠶᠠᠯ ᠤᠨ ᠨᠣᠮ ᠤᠳ ᠰᠢᠨ᠎ᠡ ᠵᠢᠯ ᠰᠢᠨ᠎ᠡ ᠨᠣᠮ ᠤᠨ ᠪᠣᠯᠵᠤᠭ᠎ᠠ︾ ᠰᠢᠨ᠎ᠡ ᠨᠣᠮ ᠤᠨ ᠬᠡᠪᠯᠡᠯ ᠳᠤ ᠵᠤᠯᠭᠠᠬᠤ ᠬᠤᠷᠠᠯ 1 ᠰᠠᠷ᠎ᠡ ᠶᠢᠨ11᠎ ᠤ ᠡᠳᠤᠷ ᠭᠠᠯᠠᠭᠤᠲᠤ ᠪᠠᠯᠭᠠᠰᠤᠨ ᠳᠤ ᠶᠠᠪᠤᠭᠳᠠᠯ᠎ᠠ᠃ ᠠᠵᠢᠯᠯᠠᠭ᠎ᠠ ᠳᠤ ᠬᠤᠯᠪᠣᠭᠳᠠᠯ ᠪᠦᠬᠦᠢ ᠪᠠᠶᠢᠭᠤᠯᠭ᠎ᠠ ᠨᠢᠭᠡᠴᠢ ᠶᠢᠨ ᠤᠳᠤᠷᠢᠳᠤᠯᠭ᠎ᠠ ᠪᠣᠯᠣᠨ ᠵᠣᠬᠢᠶᠠᠯ ᠤᠷᠠᠯᠢᠭᠴᠢᠨ ᠲᠠᠪᠢ ᠭᠠᠷᠤᠢ ᠬᠥᠮᠤᠨ ᠣᠷᠤᠯᠴᠠᠯ᠎ᠠ᠃      ᠡᠨᠡ ᠨᠢ ᠣᠷᠣᠨ ᠨᠤᠳᠤᠭ ᠤᠨ ᠵᠣᠬᠢᠶᠠᠯᠴᠢᠳ ᠤᠨ ᠰᠢᠨ᠎ᠡ ᠬᠡᠪᠯᠡᠩᠭᠳᠡᠭᠰᠡᠨ ᠨᠣᠮ ᠢ ᠲᠠᠨᠢᠯᠴᠠᠭᠤᠯᠤᠨ ᠪᠣᠷᠣᠯᠠᠭᠤᠯᠬᠤ ᠪᠠᠷ ᠭᠤᠣᠯ ᠠᠭᠤᠯᠭ᠎ᠠ ᠪᠠᠨ ᠪᠣᠯᠭᠠᠵᠤ᠂ ᠨᠣᠮ ᠤᠨ ᠵᠠᠬ᠎ᠠ ᠵᠡᠭᠡᠯᠢ ᠳᠤ ᠬᠠᠨᠲᠤᠨ ᠬᠢᠭᠰᠡᠨ ᠰᠤᠷᠳᠠᠯᠴᠢᠯᠠᠭᠠᠨ ᠤ ᠪᠠᠭ᠎ᠠ ᠬᠤᠷᠠᠯ ᠶᠤᠮ᠃ ᠬᠤᠷᠠᠯ ᠳᠤ ᠦᠨᠳᠦᠰᠣᠲᠡᠨ ᠤ ᠬᠡᠪᠯᠡᠯ ᠤᠨ ᠬᠤᠷᠢᠶ᠎ᠠ ᠠᠴᠠ ᠰᠢᠨᠡᠭᠡᠨ ᠬᠡᠪᠯᠡᠭᠳᠡᠭᠰᠡᠨ ᠲᠠᠪᠤᠨ ᠨᠣᠮ ᠢ ᠲᠠᠨᠢᠯᠴᠠᠭᠤᠯᠤᠨ ᠲᠡᠪᠰᠢᠭᠦᠯᠵᠠᠢ᠃ ᠡᠭᠦᠨ ᠳᠤ ᠴ᠊ · ᠠᠯᠤᠰ ᠤᠨ ᠰᠢᠯᠤᠭ᠌ ᠤᠨ ᠲᠡᠭᠦᠪᠦᠷᠢ ︽ᠶᠢᠷᠲᠢᠨᠴᠤ ᠶᠢᠨ ᠥᠭᠡᠷ᠎ᠡ ᠨᠡᠷ᠎ᠡ ᠨᠢ ᠪᠣᠯᠵᠣᠮᠤᠷ︾᠂ ᠴᠢ᠊ · ᠮᠠᠨᠳᠤᠯ᠎ᠠ ᠶᠢᠨ ᠰᠢᠯᠦᠭ ᠤᠨ ᠲᠡᠭᠦᠪᠦᠷᠢ ︽ᠰᠡᠳᠭᠢᠯ ᠤᠨ ᠭᠦᠨ ᠳᠤ︾᠂ ᠨ᠊ ᠪᠢᠷ ᠤᠨ ᠲᠤᠭᠤᠵᠢ ︽ᠪᠠᠷᠭᠠᠳ ᠭᠠᠷ︾᠂ ᠤ᠊ · ᠤᠷᠠᠨ᠎ᠠ ᠶᠢᠨ ᠰᠢᠯᠦᠭ ᠤᠨ ᠲᠡᠭᠦᠪᠦᠷᠢ ︽ᠰᠠᠷᠠᠨ ᠤ ᠢᠰᠢᠭᠡ︾ ᠵᠡᠷᠭᠡ ᠦᠣᠰᠢᠨ ᠬᠤᠰᠢᠭᠤᠨ ᠤ ᠳᠥᠷᠪᠡᠨ ᠵᠣᠬᠢᠶᠠᠭᠴᠢ ᠶᠢᠨ ᠪᠦᠲᠣᠭᠡᠯ ᠠᠴᠠ ᠭᠠᠳᠠᠨ᠎ᠠ ᠤᠳᠤᠭ ᠤᠨ ᠡᠮᠦᠨᠠᠲᠤ ᠬᠤᠰᠢᠭᠤᠨ ᠤ ᠵᠣᠬᠢᠶᠠᠯᠴᠢᠳ ᠤᠨ ᠡᠪᠯᠡᠯ ᠲᠠᠢ ᠬᠠᠷᠢᠯᠴᠠᠵᠤ ᠬᠤᠶᠠᠷ ᠬᠤᠰᠢᠭᠤᠨ ᠤ ᠵᠣᠬᠢᠶᠠᠯᠴᠢᠳ ᠤᠨ ᠨᠦᠭᠦᠷᠰᠡᠭ ᠬᠠᠷᠢᠯᠴᠠᠭ᠎ᠠ ᠶᠢ ᠴᠢᠩᠭᠠᠳᠬᠠᠬᠤ ᠵᠣᠷᠢᠯᠭ᠎ᠠ ᠠᠴᠠ ᠢᠷᠠᠭᠤ ᠨᠠᠶᠢᠷᠬᠠᠴᠢ ᠶ᠊ · ᠵᠢᠷᠭᠠᠯᠳᠠᠯᠠᠢ ᠶᠢᠨ ᠰᠢᠨ᠎ᠡ ᠪᠦᠲᠦᠭᠡᠯ ︽ᠠᠭᠤᠯᠠ ᠶᠢᠨ ᠴᠠᠭᠠᠨᠠᠬᠢ ᠴᠠᠰᠤ︾ ᠰᠢᠯᠦᠭ ᠤᠨ ᠲᠡᠭᠦᠪᠦᠷᠢ ᠶᠢ ᠣᠨᠴᠠᠭᠠᠶᠢᠯᠠᠨ ᠲᠠᠨᠢᠯᠴᠠᠭᠤᠯᠤᠨ ᠲᠠᠪᠰᠢᠭᠦᠯᠣᠭ᠍ᠰᠡᠨ ᠪᠠᠶᠢᠨ᠎ᠠ᠃
微信图片_20250113155029.jpg
ᠢᠷᠡᠯᠲᠡ᠄ ᠣᠷᠳᠣᠰ ᠬᠤᠲᠠ ᠶᠢᠨ ᠬᠠᠮ ᠵᠠᠭᠤᠴᠢᠯᠠᠭᠤᠷ ᠤᠨ ᠲᠥᠪ