ᠤᠯᠤᠰ ᠲᠥᠷᠥ ᠶᠢᠨ ᠵᠥᠪᠯᠡᠯᠭᠡᠨ ᠤ ᠤᠷᠳᠤᠰ ᠬᠤᠲᠠ ᠶᠢᠨ ᠳᠠᠪᠤᠳᠤᠭᠠᠷ ᠬᠤᠭᠤᠴᠠᠭᠠᠨ ᠤ ᠬᠤᠷᠢᠶ᠎ᠠ ᠶᠢᠨ ᠳᠥᠷᠪᠡᠳᠦᠭᠡᠷ ᠤᠳᠠᠭᠠᠨ ᠤ ᠬᠤᠷᠠᠯ ᠤᠨ ᠬᠤᠶᠠᠳᠤᠭᠠᠷ ᠪᠦᠭᠦᠳᠡ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2025/1/21
      微信图片_20250121170500.jpg
     1 ᠰᠠᠷ᠎ᠠ ᠶᠢᠨ 19᠎ ᠤ ᠡᠳᠤᠷ ᠤᠨ ᠦᠳᠡ ᠶᠢᠨ ᠡᠮᠤᠨ᠎ᠡ᠂ ᠤᠯᠤᠰ ᠲᠥᠷᠤ ᠶᠢᠨ ᠵᠦᠪᠯᠡᠯᠭᠡᠨ ᠤ ᠤᠷᠳᠤᠰ ᠬᠤᠲᠠ ᠶᠢᠨ ᠲᠠᠪᠤᠳᠤᠭᠠᠷ ᠬᠤᠭᠤᠴᠠᠭᠠᠨ ᠤ ᠬᠤᠷᠢᠶ᠎ᠠ ᠶᠢᠨ ᠳᠦᠷᠪᠡᠳᠦᠭᠡᠷ ᠤᠳᠠᠭᠠᠨ ᠤ ᠬᠤᠷᠠᠯ ᠤᠨ ᠬᠤᠶᠠᠳᠤᠭᠠᠷ ᠪᠦᠭᠦᠳᠡ ᠬᠤᠷᠠᠯ ᠢ ᠬᠤᠷᠠᠯᠳᠤᠭᠤᠯᠵᠤ᠂ ᠬᠤᠲᠠ ᠶᠢᠨ ᠤᠯᠤᠰ ᠲᠥᠷᠤ ᠶᠢᠨ ᠵᠥᠪᠯᠡᠯᠭᠡᠨ ᠤ 8 ᠪᠠᠶᠢᠩᠭᠤ ᠶᠢᠨ ᠭᠡᠰᠢᠭᠦᠨ᠂ ᠭᠡᠰᠢᠭᠦᠨ ᠶᠡᠭᠡ ᠬᠤᠷᠠᠯ ᠳᠡᠭᠡᠷ᠎ᠡ ᠶᠠᠷᠢᠶ᠎ᠠ ᠲᠠᠯᠪᠢᠪᠠ᠃    ᠬᠤᠲᠠ ᠶᠢᠨ ᠨᠠᠮ ᠤᠨ ᠬᠤᠷᠢᠶ᠎ᠠ ᠶᠢᠨ ᠱᠦᠵᠢ ᠯᠢ ᠯᠢ᠂ ᠬᠤᠲᠠ ᠶᠢᠨ ᠨᠠᠮ ᠤᠨ ᠬᠤᠷᠢᠶ᠎ᠠ ᠶᠢᠨ ᠳᠡᠳ᠋ ᠱᠦᠵᠢ᠂ ᠬᠤᠲᠠ ᠶᠢᠨ ᠣᠷᠣᠯᠠᠭᠴᠢ ᠳᠠᠷᠤᠭ᠎ᠠ ᠢᠦᠢ ᠬᠠᠢ ᠢᠦᠢ᠂ ᠬᠤᠲᠠ ᠶᠢᠨ ᠠᠷᠠᠳ ᠤᠨ ᠲᠦᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠡᠷᠬᠢᠯᠡᠭᠴᠢ ᠶᠢᠨ ᠨᠡᠷ᠎ᠡ ᠳᠤᠷᠠᠳᠤᠭᠳᠠᠭᠰᠠᠨ ᠵᠢᠱᠢᠭᠳᠡᠭᠴᠢ᠂ ᠬᠤᠲᠠ ᠶᠢᠨ ᠤᠯᠤᠰ ᠲᠦᠷᠤ ᠶᠢᠨ ᠵᠥᠪᠯᠡᠯᠭᠡᠨ ᠤ ᠲᠡᠷᠢᠭᠦᠯᠡᠭᠴᠢ ᠰᠦ᠋ ᠵᠦᠩ ᠱᠧᠩ᠂ ᠬᠤᠲᠠ ᠶᠢᠨ ᠤᠯᠤᠰ ᠲᠦᠷᠤ ᠶᠢᠨ ᠵᠥᠪᠯᠡᠯᠭᠡᠨ ᠤ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠳᠡᠳ᠋ ᠲᠠᠷᠢᠭᠦᠯᠡᠭᠴᠢ ᠶᠢᠨ ᠨᠡᠷ᠎ᠡ ᠳᠤᠷᠠᠳᠤᠭᠳᠠᠭᠰᠠᠨ ᠵᠢᠱᠢᠭᠳᠡᠭᠴᠢ ᠰᠤ᠋ ᠼᠦᠢ ᠪᠠᠩ᠂ ᠬᠤᠲᠠ ᠶᠢᠨ ᠤᠳᠤᠷᠢᠳᠤᠯᠭ᠎ᠠ ᠵ‍‌ᠵᠧᠨ ᠬᠤᠸᠠ᠂ ᠵᠠᠩ ᠸᠧᠢ᠂ ᠭᠤᠣ ᠸᠧᠨ ᠡᠾᠧ᠂ ᠺᠦᠩ ᠹᠠᠨ ᠹᠸᠢ᠂ ᠪᠦᠷᠢᠨᠴᠢᠮᠡᠭ᠂ ᠯᠢᠦ ᠹᠧᠩ ᠶᠦᠨ᠂ ᠡᠷᠳᠡᠨᠢᠪᠢᠯᠢᠭ᠂ ᠬᠤᠸᠠᠩ ᠶᠠᠨ ᠵᠠᠩ᠂ ᠤᠯᠠᠭᠠᠨ᠂ ᠹᠠᠩ ᠵᠢᠶᠠᠨ ᠬᠤᠸᠠ᠂ ᠯᠢ ᠮᠧᠢ ᠷᠦᠩ᠂ ᠵᠠᠩ ᠵᠦᠩ ᠵᡁᠢ᠂ ᠰᠤ᠋ ᠰᠢᠨ ᠶᠠ᠂ ᠸᠠᠩ ᠵᠢᠶᠠᠨ᠂ ᠵᠠᠩ ᠲᠣᠣ᠂ ᠬᠤᠳᠠ ᠶᠢᠨ ᠤᠯᠤᠰ ᠲᠥᠷᠤ ᠶᠢᠨ ᠵᠥᠪᠯᠡᠯᠭᠡᠨ ᠤ ᠨᠠᠷᠢᠨ ᠪᠢᠴᠢᠭ ᠤᠨ ᠳᠠᠷᠤᠭ᠎ᠠ ᠴᠧᠨ ᠵᠢᠩ ᠨᠠᠷ ᠲᠠᠷᠢᠭᠦᠯᠡᠭᠴᠢ ᠶᠢᠨ ᠲᠠᠶᠢᠰᠠᠨ ᠳᠤ ᠰᠠᠭᠠᠲᠠᠪᠠ᠃ ᠪᠠᠩ ᠵᠢᠶᠠᠨ ᠬᠤᠸᠠ ᠬᠤᠷᠠᠯ ᠢ ᠡᠷᠬᠢᠯᠡᠪᠡ᠃    ᠬᠤᠷᠠᠯ ᠳᠡᠭᠡᠷ᠎ᠡ᠂ ᠭᠤᠤ ᠸᠧᠨ ᠾᠧ ᠤᠯᠤᠰ ᠲᠥᠷᠤ ᠶᠢᠨ ᠵᠥᠪᠯᠡᠯᠭᠡᠨ ᠤ ᠤᠷᠳᠤᠰ ᠬᠤᠲᠠ ᠶᠢᠨ ᠳᠠᠪᠤᠳᠤᠭᠠᠷ ᠬᠤᠭᠤᠴᠠᠭᠠᠨ ᠤ ᠬᠤᠷᠢᠶ᠎ᠠ ᠶᠢᠨ ᠳᠥᠷᠪᠡᠳᠦᠭᠡᠷ ᠤᠳᠠᠭᠠᠨ ᠤ ᠬᠤᠷᠠᠯ ᠤᠨ ᠠᠵᠢᠯᠲᠠᠨ ᠤ ᠶᠠᠪᠤᠳᠠᠯ ᠤᠨ ᠲᠤᠬᠠᠢ ᠲᠤᠲᠤᠷᠬᠠᠶᠢᠯᠠᠯᠲᠠ ᠬᠢᠪᠡ᠃    ᠬᠤᠲᠠ ᠶᠢᠨ ᠤᠯᠤᠰ ᠲᠥᠷᠤ ᠶᠢᠨ ᠵᠦᠪᠯᠡᠯᠭᠡᠨ ᠤ ᠪᠠᠶᠢᠩᠭᠤ ᠶᠢᠨ ᠭᠡᠰᠢᠭᠦᠨ ᠸᠠᠩ ᠰᠢᠶᠣᠣ ᠶᠠᠨ ᠠᠷᠠᠳᠴᠢᠯᠠᠭᠰᠠᠨ ᠬᠤᠯᠪᠣᠭ᠎ᠠ ᠶᠢᠨ ᠬᠤᠲᠠ ᠶᠢᠨ ᠬᠤᠷᠢᠶ᠎ᠠ ᠶᠢ ᠲᠦᠯᠥᠭᠡᠯᠡᠨ ︽ᠢᠳᠡᠪᠬᠢᠲᠠᠢ ᠪᠠᠶᠢᠷᠢᠯᠠᠭᠤᠯᠤᠨ ᠵᠣᠷᠢᠭᠲᠠᠢ ᠦᠷᠢᠰᠤᠯᠳᠤᠵᠤ᠂ ᠮᠠᠨ ᠤ ᠬᠤᠲᠠ ᠶᠢᠨ ᠳᠣᠣᠷ᠎ᠠ ᠠᠭᠠᠷ ᠤᠨ ᠠᠵᠤ ᠠᠬᠤᠢ ᠶᠢᠨ ᠬᠦᠭᠵᠢᠯᠲᠡ ᠶᠢ ᠠᠬᠢᠭᠤᠯᠤᠶ᠎ᠠ︾ ᠭᠡᠬᠦ ᠰᠡᠳᠤᠪ ᠢᠶᠠᠷ ᠶᠠᠷᠢᠶ᠎ᠠ ᠲᠠᠯᠪᠢᠵᠤ᠂ ᠦᠵᠦ ᠲᠦᠯᠤᠪᠯᠡᠭᠡ ᠶᠢ ᠴᠢᠩᠭᠠᠳᠬᠠᠵᠤ᠂ ᠲᠦᠭᠦᠭᠡᠷᠤᠮᠵᠢ ᠶᠢ ᠢᠵᠢ ᠪᠦᠷᠢᠳᠦᠭᠦᠯᠬᠦ ᠶᠢ ᠳᠡᠭᠡᠭᠰᠢᠯᠡᠭᠦᠯᠦᠨ᠂ ᠠᠬᠤᠢ ᠲᠠᠯᠡᠪᠤᠷ ᠤᠨ ᠬᠡᠷᠡᠭᠯᠡᠯᠲᠡ ᠶᠢ ᠪᠠᠶᠠᠯᠢᠭᠵᠢᠭᠤᠯᠵᠤ᠂ ᠴᠢᠳᠠᠪᠤᠷᠢᠳᠠᠨ ᠤ ᠬᠦᠴᠦᠨ ᠨᠡᠮᠡᠷᠢᠯᠡᠬᠦ ᠶᠢ ᠠᠬᠢᠭᠤᠯᠤᠨ᠂ ᠮᠠᠨ ᠤ ᠬᠤᠲᠠ ᠶᠢᠨ ︽ᠲᠣᠣᠷ᠎ᠠ ᠠᠭᠠᠷ ᠤᠨ ᠠᠵᠤ ᠠᠬᠤᠢ︾᠎ ᠶᠢᠨ ᠲᠦᠷᠭᠡᠨ ᠬᠥᠭᠵᠢᠯᠲᠡ ᠶᠢ ᠠᠬᠢᠭᠤᠯᠬᠤ ᠰᠠᠨᠠᠭᠤᠯᠭ᠎ᠠ ᠳᠤᠷᠠᠳᠤᠪᠠ᠃    ᠬᠤᠲᠠ ᠶᠢᠨ ᠤᠯᠤᠰ ᠲᠥᠷᠤ ᠶᠢᠨ ᠵᠦᠪᠯᠡᠯᠭᠡᠨ ᠤ ᠪᠠᠶᠢᠩᠭᠤ ᠶᠢᠨ ᠭᠡᠰᠢᠭᠦᠨ ᠵᠠᠩ ᠱᠢ ᠽᠠᠢ ᠲᠠᠷᠢᠶᠠᠴᠢᠨ ᠠᠵᠢᠯᠴᠢᠨ ᠤ ᠠᠷᠠᠳᠴᠢᠯᠠᠭᠰᠠᠨ ᠨᠠᠮ ᠤᠨ ᠬᠤᠲᠠ ᠶᠢᠨ ᠬᠤᠷᠢᠶ᠎ᠠ ᠶᠢ ᠲᠦᠯᠥᠭᠡᠯᠡᠨ ︽ᠮᠠᠨ ᠤ ᠬᠤᠲᠠ ᠶᠢᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠴᠢᠨᠠᠷ ᠰᠠᠶᠢᠲᠠᠢ ᠬᠥᠭᠵᠢᠯᠲᠠ ᠶᠢ ᠠᠬᠢᠭᠤᠯᠬᠤ ᠲᠤᠬᠠᠢ ᠰᠠᠨᠠᠭᠤᠯᠭ᠎ᠠ︾ ᠭᠡᠬᠦ ᠰᠡᠳᠤᠪ ᠢᠶᠠᠷ ᠶᠠᠷᠢᠶ᠎ᠠ ᠲᠠᠯᠪᠢᠵᠤ᠂ ᠡᠮᠴᠢᠯᠡᠭᠡ ᠪᠠ ᠨᠠᠰᠤᠵᠢᠯ ᠤᠨ ᠠᠰᠠᠷᠠᠮᠵᠢ ᠶᠢ ᠤᠶᠠᠯᠳᠤᠭᠤᠯᠬᠤ ᠶᠢ ᠳᠠᠬᠢᠨ ᠰᠢᠨ᠎ᠡ ᠳᠡᠭᠳᠡᠷ ᠲᠤ ᠭᠠᠷᠭᠠᠬᠤ ᠶᠢ ᠰᠦᠪᠡᠭᠴᠢᠯᠡᠵᠦ᠂ ᠳᠤᠰᠬᠠᠶᠢᠵᠢᠭᠰᠠᠨ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠡᠩᠨᠡᠭᠡ ᠶᠢ ᠪᠠᠶᠢᠭᠤᠯᠤᠨ᠂ ᠦᠳᠡᠯᠬᠦ ᠳᠤ ᠠᠰᠠᠷᠠᠮᠵᠢ ᠲᠠᠢ ᠪᠠ ᠦᠳᠡᠯᠬᠦ ᠳᠤ ᠪᠠᠶᠠᠷ ᠬᠦᠷ ᠲᠠᠢ ᠪᠠᠶᠢᠬᠤ ᠠᠵᠢᠯ ᠢ ᠵᠡᠷᠭᠡᠪᠡᠷ ᠠᠬᠢᠭᠤᠯᠵᠤ᠂ ᠣᠶᠣᠨᠴᠢ ᠨᠠᠰᠤᠵᠢᠯ ᠤᠨ ᠠᠰᠠᠷᠠᠮᠵᠢ ᠶᠢ ᠲᠠᠰᠤᠷᠠᠯᠲᠠ ᠦᠭᠡᠢ ᠠᠬᠢᠭᠤᠯᠤᠨ᠂ ᠪᠤᠭᠤᠷᠤᠯᠴᠤᠳ ᠤᠨ ᠠᠵᠤ ᠠᠬᠤᠢ ᠶᠢ ᠶᠡᠬᠡᠪᠡᠷ ᠬᠥᠭᠵᠢᠭᠦᠯᠵᠤ᠂ ᠨᠠᠰᠤᠳᠠᠶᠢᠴᠤᠳ ‍ᠤᠨ‌ᠠᠮᠢᠳᠤᠷᠠᠯ ᠢ ᠨᠡᠩ ᠳᠠᠭᠠᠯᠠᠮᠵᠢᠲᠠᠢ ᠪᠣᠯᠭᠠᠬᠤ ᠰᠠᠨᠠᠭᠤᠯᠭ᠎ᠠ ᠳᠤᠷᠠᠳᠤᠪᠠ᠃     ᠬᠤᠲᠠ ᠶᠢᠨ ᠤᠯᠤᠰ ᠲᠥᠷᠤ ᠶᠢᠨ ᠵᠥᠪᠯᠡᠯᠭᠡᠨ ᠤ ᠪᠠᠶᠢᠩᠭᠤ ᠶᠢᠨ ᠭᠡᠰᠢᠭᠦᠨ ᠱᠢ ᠰᠢᠣᠸᠠᠢ ᠰᠦᠩ ︽ᠶᠢᠰᠦ ᠭᠤᠷᠪᠡ︾ ᠡᠷᠳᠡᠮ ᠰᠢᠨᠵᠢᠯᠡᠭᠡᠨ ᠤ ᠨᠡᠶᠢᠭᠡᠮᠯᠢᠭ ᠤᠨ ᠬᠤᠲᠠ ᠶᠢᠨ ᠬᠤᠷᠢᠶ᠎ᠠ ᠶᠢ ᠲᠦᠯᠥᠭᠡᠯᠡᠨ ︽ᠦᠢᠯᠡᠳᠭᠦᠨ ᠤ ᠨᠡᠭᠦᠷᠡᠰᠦᠳᠦ᠋ᠷᠣᠭ᠍ᠴᠢ ᠶᠢᠨ ᠤᠯᠠ ᠮᠥᠷ ᠤᠨ ᠬᠠᠮᠢᠶᠠᠷᠤᠯᠲᠠ ᠶᠢᠨ ᠲᠣᠭᠳᠠᠯᠴᠠᠭ᠎ᠠ ᠶᠢ ᠪᠠᠶᠢᠭᠤᠯᠬᠤ ᠲᠤᠬᠠᠢ ᠬᠡᠳᠤᠨ ᠰᠠᠨᠠᠭᠤᠯᠭ᠎ᠠ︾ ᠭᠡᠬᠦ ᠰᠡᠳᠦᠪ ᠢᠶᠠᠷ ᠶᠠᠷᠢᠶ᠎ᠠ ᠲᠠᠯᠪᠢᠵᠤ᠂ ᠳᠡᠭᠡᠲᠤ ᠪᠠᠶᠢᠷᠢᠨ ᠳᠤ ᠠᠬᠢᠭᠤᠯᠬᠤ ᠶᠢ ᠪᠠᠷᠢᠮᠲᠠᠯᠠᠨ᠂ᠲᠥᠷᠥ ᠶᠢᠨ ᠪᠣᠳᠣᠯᠭ᠎ᠠ ᠶᠢᠨ ᠲᠣᠭᠲᠠᠯᠴᠠᠭ᠎ᠠ ᠶᠢ ᠲᠡᠭᠦᠯᠳᠡᠷᠵᠢᠭᠦᠯᠤᠨ᠂ ᠦᠢᠯᠡᠳᠬᠦᠨ ᠤ ᠪᠠᠷᠢᠮᠵᠢᠶ᠎ᠠ ᠶᠢ ᠲᠣᠭᠲᠠᠭᠠᠵᠤ᠂ ᠦᠢᠯᠠᠴᠢᠯᠡᠭᠡᠨ ᠤ ᠲᠠᠪᠴᠠᠩ ᠢ ᠪᠠᠶᠢᠭᠤᠯᠤᠨ᠂ ᠴᠢᠳᠡᠪᠤᠷᠢ ᠶᠢᠨ ᠪᠠᠶᠢᠭᠤᠯᠤᠯᠲᠠ ᠶᠢ ᠴᠢᠩᠭᠠᠳᠬᠠᠵᠤ᠂ ᠮᠠᠨ ᠤ ᠬᠤᠲᠠ ᠶᠢᠨ ᠦᠢᠯᠡᠳᠬᠦᠨ ᠤ ᠨᠡᠭᠦᠷᠡᠰᠤᠳᠦ᠋ᠷᠣᠭ᠍ᠴᠢ ᠶᠢᠨ ᠤᠯᠠ ᠮᠥᠷ ᠤᠨ ᠬᠠᠮᠢᠶᠠᠷᠤᠯᠲᠠ ᠶᠢᠨ ᠲᠣᠭᠲᠠᠯᠴᠠᠭ᠎ᠠ ᠶᠢ ᠪᠠᠶᠢᠭᠤᠯᠬᠤ ᠶᠢ ᠠᠬᠢᠭᠤᠯᠬᠤ ᠰᠠᠨᠠᠭᠤᠯᠭ᠎ᠠ ᠳᠤᠷᠠᠳᠤᠪᠠ᠃    ᠬᠤᠲᠠ ᠶᠢᠨ ᠤᠯᠤᠰ ᠲᠥᠷᠤ ᠶᠢᠨ ᠵᠥᠪᠯᠡᠯᠭᠡᠨ ᠤ ᠭᠡᠰᠢᠭᠦᠨ ᠢᠦᠢ ᠬᠠᠢ ᠵᠦᠩ ︽ᠠᠵᠢᠯ ᠲᠦᠷᠤᠯ ᠤᠨ ᠬᠠᠶᠢᠷ᠎ᠠ ᠰᠡᠳᠭᠢᠯᠭᠡ ᠪᠠᠨ ᠪᠠᠲᠤᠯᠠᠵᠤ᠂ ᠡᠬᠢ ᠪᠠᠶᠠᠯᠢᠭ ᠤᠨ ᠳᠠᠪᠠᠭᠤᠯᠢᠭ ᠲᠠᠭᠠᠨ ᠰᠠᠭᠤᠷᠢᠯᠠᠨ᠂ ᠬᠠᠮᠳ᠋ᠳᠤᠷᠠᠨ ᠣᠷᠤᠰᠢᠬᠤ ᠲᠣᠮᠣ ᠵᠢᠭᠤᠯᠴᠢᠯᠠᠯ ᠤᠨ ᠪᠠᠶᠢᠷᠢᠰᠢᠯ ᠢ ᠪᠥᠬᠦ ᠬᠦᠴᠦᠨ ᠢᠶᠠᠷ ᠢᠶᠠᠨ ᠴᠤᠭᠴᠠᠯᠠᠶ᠎ᠠ— ᠣᠷᠳᠣᠰ ᠤᠨ ᠵᠢᠭᠤᠯᠴᠢᠯᠡᠯ ᠤᠨ ᠠᠵᠤ ᠦᠢᠯᠡᠰ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠪᠣᠳᠣᠯᠬᠢᠯᠠᠯ ᠪᠠ ᠰᠠᠨᠠᠭᠤᠯᠭ᠎ᠠ︾ ᠭᠡᠬᠦ ᠰᠡᠳᠤᠪ ᠢᠶᠠᠷ ᠶᠠᠷᠢᠶ᠎ᠠ ᠲᠠᠯᠪᠢᠵᠤ᠂ ᠠᠯᠳᠠᠭ᠎ᠠ ᠪᠤᠷᠤᠭᠤ ᠶᠢ ᠠᠭᠤᠴᠢᠯᠠᠨ ᠪᠠᠭᠲᠠᠭᠠᠬᠤ ᠲᠣᠭᠲᠠᠴᠠ ᠶᠢ ᠲᠡᠭᠦᠯᠳᠡᠷᠵᠢᠭᠦᠯᠵᠦ᠂ ᠪᠡᠯᠡ ᠣᠷᠣᠭᠤᠯᠤᠯᠲᠠ ᠶᠢᠨ ᠤᠷᠢᠳᠴᠢᠯᠠᠨ ᠮᠠᠭᠠᠳᠯᠠᠯᠲᠠ ᠶᠢ ᠴᠢᠩᠭᠠᠳᠬᠠᠨ᠂ ᠬᠥᠭᠵᠢᠯᠲᠠ ᠶᠢᠨ ᠰᠠᠭᠤᠷᠢ ᠮᠦᠩᠬᠦ ᠶᠢ ᠪᠠᠶᠢᠭᠤᠯᠵᠤ᠂ ᠰᠣᠶᠣᠯ ᠤᠨ ᠰᠠᠭᠤᠷᠢ ᠡᠭᠦᠳᠦᠯᠲᠠ ᠶᠢ ᠬᠥᠭᠵᠢᠭᠦᠯᠵᠦ᠂ ᠬᠦᠯᠢᠶᠡᠨ ᠠᠪᠬᠤ ᠬᠦᠴᠦᠨ ᠵᠦᠢᠯ ᠢ ᠲᠡᠭᠦᠯᠳᠡᠷᠵᠢᠭᠦᠯᠦᠨ᠂ ᠢᠷᠡᠭᠡᠳᠦᠢ ᠶᠢᠨ ᠬᠥᠭᠵᠢᠯᠲᠡ ᠶᠢ ᠲᠦᠯᠤᠪᠯᠡᠨ ᠰᠡᠲᠤᠵᠤ᠂ ᠤᠷᠳᠤᠰ ᠤᠨ ᠵᠢᠭᠤᠯᠴᠢᠯᠡᠯ ᠤᠨ ᠦᠢᠯᠡᠰ ᠤᠨ ᠴᠢᠨᠠᠷ ᠰᠠᠶᠢᠲᠠᠢ ᠬᠦᠭᠵᠢᠯᠲᠡ ᠶᠢ ᠠᠬᠢᠭᠤᠯᠬᠤ ᠰᠠᠨᠠᠭᠤᠯᠭ᠎ᠠ ᠳᠤᠷᠠᠳᠤᠪᠠ᠃    ᠬᠤᠲᠠ ᠶᠢᠨ ᠤᠯᠤᠰ ᠲᠥᠷᠤ ᠶᠢᠨ ᠵᠥᠪᠯᠡᠯᠭᠡᠨ ᠤ ᠭᠡᠰᠢᠭᠦᠨ ᠲᠢᠶᠠᠨ ᠹᠧᠨ ᠴᠢᠩ ᠡᠵᠡᠨ ᠬᠤᠷᠤᠭ᠎ᠠ ᠬᠤᠰᠢᠭᠤᠨ ᠤ ᠤᠯᠤᠰ ᠲᠥᠷᠤ ᠶᠢᠨ ᠵᠥᠪᠯᠡᠯᠭᠡᠨ ᠢ ᠲᠦᠯᠥᠭᠡᠯᠡᠨ᠂ ︽ᠦᠨᠡᠨ ᠢ ᠪᠠᠷᠢᠮᠳᠠᠯᠠᠵᠤ᠂ ᠴᠢᠨᠠᠷ ᠲᠡᠰ ᠢ ᠳᠡᠭᠡᠭᠰᠢᠯᠡᠭᠦᠯᠦᠨ ᠦᠷ᠎ᠡ ᠪᠦᠲᠣᠮᠵᠢ ᠶᠢ ᠨᠡᠮᠡᠭᠳᠡᠭᠦᠯᠵᠦ᠂ ᠡᠳᠡᠭᠡᠳ ᠤᠨ ᠢᠯᠭᠠᠯ ᠤᠨ ᠳᠠᠪᠠᠭᠤᠯᠢᠭ ᠢᠶᠠᠷ ᠤᠯᠤᠰ ᠲᠥᠷᠤ ᠶᠢᠨ ᠵᠥᠪᠯᠡᠯᠭᠡᠨ ᠤ ᠲᠤᠰᠢᠶᠠᠯ ᠬᠠᠷᠢᠭᠤᠴᠠᠯᠭ᠎ᠠ ᠪᠠᠨ ᠴᠢᠨᠠᠷ ᠰᠠᠶᠢᠲᠠᠢ ᠭᠦᠢᠴᠡᠳᠭᠡᠬᠦ ᠶᠢ ᠠᠬᠢᠭᠤᠯᠤᠶ᠎ᠠ︾ ᠭᠡᠬᠦ ᠰᠡᠳᠦᠪ ᠢᠶᠠᠷ ᠶᠠᠷᠢᠶ᠎ᠠ ᠲᠠᠯᠪᠢᠵᠤ᠂ ᠡᠳᠡᠭᠡᠳ ᠤᠨ ᠢᠯᠭᠠᠯ ᠤᠨ ᠤᠬᠠᠮᠰᠠᠷ ᠢ ᠴᠢᠩᠭᠠᠳᠬᠠᠵᠤ ᠳᠠᠪᠠᠭᠤᠯᠢᠭ ᠢ ᠪᠠᠲᠠᠷᠠᠭᠤᠯᠤᠨ᠂ ᠡᠳᠡᠭᠡᠳ ᠤᠨ ᠢᠯᠭᠠᠯ ᠤᠨ ᠨᠦᠯᠥᠭᠡ ᠶᠢ ᠦᠷᠭᠡᠳᠭᠡᠵᠦ᠂ ᠶᠡᠭᠡ ᠲᠠᠯ᠎ᠠ ᠳᠤ ᠨᠡᠩ ᠢᠳᠡᠪᠬᠢᠲᠡᠢ ᠪᠥᠭᠡᠳ ᠰᠠᠨᠠᠭᠠᠴᠢᠯᠠᠭ᠎ᠠ ᠠᠴᠠ ᠪᠠᠨ ᠦᠢᠯᠡᠴᠢᠯᠠᠵᠦ᠂ ᠤᠯᠤᠰ ᠲᠥᠷᠥ ᠶᠢᠨ ᠵᠥᠪᠯᠡᠯᠭᠡᠨ ᠤ ᠡᠭᠦᠷᠭᠡ ᠴᠢᠳᠡᠪᠬᠢ ᠪᠠᠨ ᠬᠢᠨᠠᠮᠠᠭᠠᠢ ᠭᠦᠢᠴᠡᠳᠭᠡᠨ᠂ ᠮᠠᠨ ᠤ ᠬᠤᠲᠠ ᠶᠢᠨ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠳᠤ ᠤᠯᠤᠰ ᠲᠥᠷᠤ ᠶᠢᠨ ᠵᠥᠪᠯᠡᠯᠭᠡᠨ ᠤ ᠣᠶᠣᠨ ᠤᠬᠠᠭᠠᠨ ᠪᠠ ᠬᠦᠴᠦᠨ ᠴᠢᠳᠠᠯ ᠢᠶᠠᠨ ᠲᠠᠰᠤᠷᠠᠯᠲᠠ ᠦᠭᠡᠢ ᠨᠡᠮᠡᠷᠢᠯᠡᠬᠦ ᠰᠠᠨᠠᠭᠤᠯᠭ᠎ᠠ ᠳᠤᠷᠠᠳᠤᠪᠠ᠃     ᠬᠤᠲᠠ ᠶᠢᠨ ᠤᠯᠤᠰ ᠲᠥᠷᠥ ᠶᠢᠨ ᠵᠦᠪᠯᠡᠯᠭᠡᠨ ᠤ ᠭᠡᠰᠢᠭᠦᠨ ᠷᠧᠨ ᠷᠥᠸᠧ ᠯᠢᠩ ︽ᠭᠡᠰᠢᠭᠦᠳ ᠤᠨ ᠲᠤᠰᠬᠠᠢ ᠮᠡᠷᠭᠡᠵᠢᠯ ᠢ ᠪᠠᠳᠠᠷᠠᠭᠤᠯᠤᠨ᠂ ᠭᠡᠰᠢᠭᠦᠳ ᠤᠨ ᠡᠭᠦᠷᠭᠡᠯᠡᠯ ᠬᠠᠷᠢᠭᠤᠴᠠᠯᠭ᠎ᠠ ᠶᠢ ᠢᠯᠡᠷᠡᠭᠦᠯᠵᠦ᠂ ᠤᠯᠤᠰ ᠲᠦᠷᠦ ᠶᠢᠨ ᠵᠥᠪᠯᠡᠯᠭᠡᠨ+ ᠰᠢᠭᠦᠬᠦ ᠬᠤᠷᠢᠶ᠎ᠠ ᠳᠤ ᠲᠦᠰᠢᠭᠯᠡᠨ ᠨᠡᠶᠢᠭᠡᠮ ᠤᠨ ᠵᠠᠰᠠᠯᠲᠠ ᠳᠤ ᠬᠦᠴᠣᠨ ᠨᠡᠮᠡᠷᠢᠯᠡᠶ᠎ᠡ︾ ᠭᠡᠬᠦ ᠰᠡᠳᠦᠪ ᠢᠶᠠᠷ ᠶᠠᠷᠢᠶ᠎ᠠ ᠲᠠᠯᠪᠢᠵᠤ᠂ ᠤᠯᠤᠰ ᠲᠥᠷᠤ ᠶᠢᠨ ᠵᠥᠪᠯᠡᠯᠭᠡᠨ ᠤ ᠲᠤᠰᠢᠶᠠᠯ  ᠬᠠᠷᠢᠭᠤᠴᠠᠯᠭ᠎ᠠ ᠪᠠᠨ ᠭᠦᠢᠴᠡᠳᠭᠡᠬᠦ ᠰᠢᠨ᠎ᠡ ᠳᠣᠭᠲᠠᠴᠠ ᠶᠢ ᠬᠠᠶᠢᠨ ᠰᠦᠪᠡᠭᠴᠢᠯᠡᠵᠦ᠂ ᠭᠡᠰᠢᠭᠦᠳ ᠤᠨ ᠲᠤᠰᠢᠶᠡᠯ ᠬᠠᠷᠢᠭᠤᠴᠠᠯᠭ᠎ᠠ ᠪᠠᠨ ᠭᠦᠢᠴᠡᠳᠭᠡᠬᠦ ᠰᠢᠨ᠎ᠡ ᠬᠦᠷᠢᠶ᠎ᠡ ᠴᠠᠷᠠᠭ᠎ᠠ ᠶᠢ ᠦᠷᠭᠡᠳᠭᠡᠨ᠂ ᠦᠢᠯᠡᠳᠤᠯ ᠢᠶᠠᠨ ᠪᠠᠲᠠᠷᠠᠭᠤᠯᠬᠤ ᠰᠢᠨ᠎ᠡ ᠲᠠᠪᠴᠡᠩ ᠢ ᠪᠠᠶᠢᠭᠤᠯᠵᠤ᠂ ᠨᠡᠶᠢᠭᠡᠮ ᠤᠨ ᠵᠠᠰᠠᠯᠲᠠ ᠶᠢᠨ ᠠᠵᠢᠯ ᠤᠨ ᠬᠦᠨᠵᠡᠭᠡᠶᠢᠷᠡᠨ ᠪᠤᠳᠠᠲᠠᠶᠢᠵᠢᠬᠤ ᠶᠢ ᠦᠷᠭᠦᠯᠵᠢᠯᠡᠨᠠᠬᠢᠭᠤᠯᠬᠤ ᠰᠠᠨᠠᠭᠤᠯᠭ᠎ᠠ ᠳᠤᠷᠠᠳᠤᠪᠠ᠃   ᠬᠤᠲᠠ ᠶᠢᠨ ᠤᠯᠤᠰ ᠲᠥᠷᠤ ᠶᠢᠨ ᠵᠥᠪᠯᠡᠯᠭᠡᠨ ᠤ ᠭᠡᠰᠢᠭᠦᠨ ᠹᠧᠩ ᠶᠡ ᠫᠢᠩ ︽ᠪᠡᠶ᠎ᠡ ᠶᠢᠨ ᠲᠠᠮᠢᠷ ᠤᠨ ᠬᠥᠳᠡᠯᠭᠡᠭᠡᠨ ᠢ ᠬᠡᠣᠬᠡᠳ ᠤᠨ ᠡᠷᠡᠭᠦᠯ ᠮᠠᠨᠳᠣ ᠶᠢ ᠬᠠᠮᠠᠭᠠᠯᠠᠬᠤ ᠵᠠᠪᠠᠯ ᠰᠤᠷᠬᠤ ᠬᠢᠴᠢᠶᠡᠯ ᠪᠣᠯᠭᠠᠶ᠎ᠠ︾ ᠭᠡᠬᠦ ᠰᠡᠳᠤᠪ ᠢᠶᠠᠷ ᠶᠠᠷᠢᠶ᠎ᠠ ᠲᠠᠯᠪᠢᠵᠤ᠂ ᠰᠢᠯᠭᠠᠯᠲᠠ ᠶᠢ ᠠᠷᠭᠠᠴᠠᠭᠠᠬᠤ ᠰᠤᠷᠭᠠᠨ ᠬᠥᠮᠤᠵᠢᠯ ᠤᠨ ᠦᠵᠡᠯ ᠤᠬᠠᠮᠰᠠᠷ ᠢᠶᠠᠨ ᠬᠤᠪᠢᠷᠠᠭᠤᠯᠵᠤ᠂ ᠡᠷᠡᠭᠦᠯ ᠮᠠᠨᠳᠤ ᠳᠤ ᠠᠰᠢᠭᠲᠠᠢ ᠢᠳᠡᠭᠡᠨ ᠤᠮᠳᠠᠭᠠᠨ ᠤ ᠤᠬᠠᠮᠰᠠᠷ ᠢ ᠪᠣᠢ ᠪᠣᠯᠭᠠᠨ᠂ ᠰᠣᠷᠣᠭᠴᠢᠳ ᠤᠨ ᠪᠡᠶ᠎ᠡ ᠶᠢᠨ ᠳᠠᠮᠢᠷ ᠤᠨ ᠴᠤᠭᠯᠠᠭᠠᠨ ᠢ ᠣᠯᠠᠨ ᠬᠡᠯᠪᠡᠷᠢ ᠮᠠᠶ᠋ᠢᠭ ᠢᠶᠠᠷ ᠡᠷᠬᠢᠯᠡᠵᠤ᠂ ᠰᠣᠷᠣᠭᠴᠢᠳ ᠡᠳᠤᠷ ᠪᠦᠷᠢ ᠨᠢᠭᠡ ᠴᠠᠭ ᠪᠡᠶ᠎ᠡ ᠪᠠᠨ ᠪᠣᠯᠪᠡᠰᠤᠷᠠᠭᠤᠯᠬᠤ ᠶᠢ ᠪᠠᠲᠤᠯᠠᠨ᠂ ᠬᠡᠣᠬᠡᠳ ᠤᠨ ᠪᠡᠶ᠎ᠡ ᠮᠠᠬᠠᠪᠤᠳ ᠤᠨ ᠡᠷᠡᠭᠦᠯ ᠮᠠᠨᠳᠤ ᠶᠢᠨ ᠬᠢᠷᠢ ᠲᠦᠪᠰᠢᠨ ᠢ ᠦᠨᠡᠨ ᠬᠦ ᠪᠦᠲᠦᠮᠵᠢᠲᠠᠢ ᠳᠡᠭᠡᠭᠰᠢᠯᠡᠭᠦᠯᠬᠦ ᠰᠠᠨᠠᠭᠤᠯᠭ᠎ᠠ ᠳᠤᠷᠠᠳᠤᠪᠠ᠃    ᠬᠤᠲᠠ ᠶᠢᠨ ᠤᠯᠤᠰ ᠲᠥᠷᠤ ᠶᠢᠨ ᠵᠥᠪᠯᠡᠯᠭᠡᠨ ᠤ ᠭᠡᠰᠢᠭᠦᠨ ᠸᠠᠩ ᠵᠠᠨ ᠱᠠᠨ ︽ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠭᠦᠳᠬᠦ ᠪᠠᠷ ᠬᠥᠳᠡᠯᠭᠡᠭᠦ ᠬᠦᠴᠦᠨ ᠪᠣᠯᠭᠠᠵᠤ᠂ ᠪᠤᠬᠢᠷᠳᠦᠯ ᠦᠭᠡᠢ ᠣᠷᠴᠢᠨ ᠲᠣᠭᠤᠷᠢᠨ ᠢ ᠬᠠᠮᠠᠭᠠᠯᠠᠬᠤ ᠪᠠᠷ ᠡᠭᠦᠷᠭᠡ ᠪᠣᠯᠭᠠᠨ᠂ ᠲᠤᠯᠠᠭᠠᠨ ᠬᠤᠲᠠ ᠶᠢᠨ ᠬᠦᠩᠬᠡᠨᠨᠴᠠᠭᠠᠨ ᠤ ᠦᠢᠯᠡᠰ ᠤᠨ ᠴᠢᠨᠠᠷ ᠰᠠᠶᠢᠲᠠᠢ ᠬᠥᠭᠵᠢᠯᠲᠠ ᠶᠢ ᠠᠬᠢᠭᠤᠯᠤᠶ᠎ᠠ︾ ᠭᠡᠬᠦ ᠰᠡᠳᠤᠪ ᠢᠶᠠᠷ ᠶᠠᠷᠢᠶ᠎ᠠ ᠲᠠᠯᠪᠢᠵᠤ᠂ ᠠᠵᠤ ᠦᠢᠯᠡᠰ ᠤᠨ ᠬᠡᠯᠬᠢᠶ᠎ᠠ ᠪᠠᠷ ᠠᠷᠠᠯᠵᠢᠶᠠᠴᠢᠨ ᠤᠷᠢᠬᠤ ᠶᠢ ᠴᠢᠩᠭᠠᠳᠬᠠᠵᠤ᠂ ᠬᠦᠩᠬᠡᠨᠴᠠᠭᠠᠨ ᠤ ᠲᠦᠭᠦᠬᠡᠢ ᠮᠠᠲ᠋ᠧᠷᠢᠢᠶᠠᠯ ᠢ ᠲᠤᠬᠠᠢ ᠶᠢᠨ ᠭᠠᠵᠠᠷ ᠲᠤᠨᠢ ᠬᠤᠪᠢᠷᠠᠭᠤᠯᠬᠤ ᠶᠢ ᠠᠬᠢᠭᠤᠯᠵᠤ᠂ ︽ᠪᠣᠬᠢᠷᠳᠤᠯ ᠦᠭᠡᠢ ᠴᠠᠬᠢᠯᠭᠠᠨ︾᠎ ᠢ ᠳᠡᠯᠭᠡᠷᠡᠭᠦᠯᠦᠨ ᠬᠡᠷᠡᠭᠯᠡᠵᠦ᠂ ︽ᠳᠣᠣᠷ᠎ᠠ ᠨᠡᠭᠦᠷᠡᠰᠦᠳᠦ᠋ᠷᠣᠭ᠍ᠴᠢᠲᠦ ᠬᠦᠩᠭᠡᠨᠴᠠᠭᠠᠨ︾ ᠦᠢᠯᠡᠳᠪᠤᠷᠢᠯᠡᠬᠦ ᠶᠢ ᠵᠣᠷᠢᠭᠵᠢᠭᠤᠯᠵᠤ᠂ ᠬᠦᠩᠬᠡᠨᠴᠠᠭᠠᠨ ᠤ ᠠᠵᠤ ᠦᠢᠯᠡᠰ ᠢ ᠳᠡᠭᠡᠲᠦ ᠳᠡᠰ ᠤᠨ᠂ ᠣᠶᠤᠨᠴᠢᠯᠠᠭᠰᠠᠨ᠂ ᠪᠣᠬᠢᠷᠳᠤᠯ ᠦᠭᠡᠢ ᠲᠠᠶᠢᠰᠢ ᠬᠥᠭᠵᠢᠭᠦᠯᠬᠦ ᠶᠢ ᠠᠬᠢᠭᠤᠯᠵᠤ᠂ ᠤᠷᠳᠤᠰ ᠤᠨ ᠠᠵᠤ ᠠᠬᠤᠢ ᠶᠢᠨ ᠴᠢᠨᠠᠷ ᠰᠠᠶᠢᠲᠠᠢ ᠬᠥᠭᠵᠢᠯᠲᠡ ᠳᠤ ᠬᠦᠴᠣᠨ ᠴᠢᠳᠠᠯ ᠢᠶᠠᠨ ᠡᠷᠭᠦᠬᠦ ᠰᠠᠨᠠᠭᠤᠯᠭ᠎ᠠ ᠳᠤᠷᠠᠳᠤᠪᠠ᠃    ᠣᠶᠢᠯᠠᠭᠠᠭᠰᠠᠨ ᠢᠶᠠᠷ᠂ ᠬᠤᠲᠠ ᠶᠢᠨ ᠤᠯᠤᠰ ᠲᠥᠷᠤ ᠶᠢᠨ ᠵᠥᠪᠯᠡᠯᠭᠡᠨ ᠤ ᠲᠠᠪᠤᠳᠤᠭᠠᠷ ᠬᠤᠭᠤᠴᠠᠭᠠᠨ ᠤ ᠬᠤᠷᠢᠶ᠎ᠠ ᠶᠢᠨ ᠳᠥᠷᠪᠡᠳᠦᠭᠡᠷ ᠤᠳᠠᠭᠠᠨ ᠤ ᠬᠤᠷᠠᠯ ᠳᠤ ᠶᠡᠭᠡ ᠬᠤᠷᠠᠯ ᠤᠨ ᠶᠠᠷᠢᠶ᠎ᠠ ᠶᠢ ᠨᠠᠶᠢᠳᠠ 90 ᠬᠤᠪᠢ ᠬᠤᠷᠢᠶᠠᠨ ᠣᠯᠵᠠᠢ᠃ ᠬᠤᠷᠠᠯ ᠤᠨ ᠲᠠᠷᠠᠭ᠎ᠠ᠂ ᠬᠤᠲᠠ ᠶᠢᠨ ᠤᠯᠤᠰ ᠲᠥᠷᠦ ᠶᠢᠨ ᠵᠥᠪᠯᠡᠯᠭᠡᠨ ᠤ ᠠᠯᠪᠠᠨ ᠭᠡᠷ ᠠᠴᠠ ᠡᠳᠡᠭᠡᠷ ᠶᠠᠷᠢᠶ᠎ᠠ ᠶᠢᠨ ᠮᠠᠲ᠋ᠧᠷᠢᠶᠠᠯ ᠳᠤ ᠲᠤᠰᠬᠠᠭᠰᠠᠨ ᠴᠢᠬᠤᠯᠠ ᠪᠠᠶᠢᠳᠠᠯ ᠪᠠ ᠳᠤᠷᠠᠳᠤᠭᠰᠠᠨ ᠰᠠᠨᠠᠯ ᠰᠠᠨᠠᠭᠤᠯᠭ᠎ᠠ ᠶᠢ ᠨᠠᠷᠢᠨ ᠬᠢᠨᠡᠮᠠᠭᠠᠢ ᠡᠮᠬᠢᠯᠡᠵᠦ᠂ ᠭᠡᠰᠢᠭᠦᠳ ᠤᠨ ᠰᠠᠨᠠᠯ ᠳᠤᠷᠠᠳᠤᠯᠭ᠎ᠠ ᠪᠠ ᠰᠠᠨᠠᠯ ᠰᠠᠨᠠᠭᠤᠯᠭ᠎ᠠ ᠶᠢᠨ ᠲᠤᠰᠬᠠᠢ ᠮᠡᠳᠡᠭᠦᠯᠦᠯᠲᠡ ᠪᠤᠶᠤ ᠨᠡᠶᠢᠭᠡᠮ ᠤᠨ ᠪᠠᠶᠢᠳᠠᠯ ᠠᠷᠠᠳ ᠤᠨ ᠰᠠᠨᠠᠭ᠎ᠠ ᠶᠢ ᠲᠤᠰᠬᠠᠭᠰᠠᠨ ᠮᠡᠳᠡᠭᠡ ᠵᠠᠩᠬᠢ ᠶᠢᠨ ᠬᠡᠯᠪᠡᠷᠢ ᠪᠠᠷ ᠬᠤᠲᠠ ᠶᠢᠨ ᠨᠠᠮ ᠤᠨ ᠬᠤᠷᠢᠶ᠎ᠠ᠂ ᠬᠤᠲᠠ ᠶᠢᠨ ᠵᠠᠰᠠᠭ ᠤᠨ ᠣᠷᠳᠣᠨ ᠵᠢᠴᠢ ᠬᠤᠯᠪᠣᠭᠳᠠᠯ ᠪᠦᠬᠦᠢ ᠰᠠᠯᠠᠭ᠎ᠠ ᠮᠥᠴᠢᠷ ᠲᠤ ᠬᠦᠷᠭᠡᠵᠦ ᠯᠠᠪᠯᠠᠯᠲᠠ ᠪᠣᠯᠭᠠᠨ᠎ᠠ᠃   
ᠢᠷᠡᠯᠲᠡ᠄ ᠣᠷᠳᠣᠰ ᠬᠤᠲᠠ ᠶᠢᠨ ᠬᠠᠮ ᠵᠠᠭᠤᠴᠢᠯᠠᠭᠤᠷ ᠤᠨ ᠲᠥᠪ