ᠮᠠᠨ ᠤ ᠬᠤᠲᠠ ᠶᠢᠨ ᠬᠠᠮᠲᠤ ᠶᠢᠨ ᠠᠵᠤ ᠠᠬᠤᠢ ᠶᠢᠨ ᠠᠰᠢᠭ ᠬᠤᠪᠢᠶᠡᠷᠢᠯᠡᠯᠲᠠ 2.63 ᠳ᠋ᠦᠩᠰᠢᠭᠤᠷ ᠲᠦᠭᠦᠷᠢᠭ ᠲᠤ ᠬᠥᠷᠪᠡ
ᠨᠡᠶᠢᠲᠡᠯᠡᠭᠰᠡᠨ ᠴᠠᠭ᠄
2025/2/14
      2024 ᠣᠨ ᠳᠤ᠂ ᠮᠠᠨ ᠤ ᠬᠤᠲᠠ ᠶᠢᠨ ᠭᠠᠴᠠᠭ᠎ᠠ ᠲᠣᠰᠬᠤᠨ ︵ᠨᠡᠶᠢᠭᠡᠮ ᠲᠣᠭᠤᠷᠢᠭ︶᠎ ᠤ ᠬᠠᠮᠲᠤ ᠶᠢᠨ ᠠᠵᠤ ᠠᠬᠤᠢ ᠶᠢᠨ ᠠᠰᠢᠭ ᠬᠤᠪᠢᠶᠠᠷᠢᠯᠡᠯᠲᠠ ᠢᠯᠡᠳᠲᠠ ᠦᠷ᠎ᠡ ᠪᠦᠲᠣᠮᠵᠢ ᠣᠯᠪᠠ᠃ ᠣᠳᠣᠬᠠᠨ ᠪᠣᠯᠲᠠᠯ᠎ᠠ᠂ ᠶᠡᠷᠤᠩᠬᠡᠢ ᠬᠡᠮᠵᠢᠶ᠎ᠠ 2.63 ᠳ᠋ᠦᠩᠰᠢᠭᠤᠷ ᠲᠦᠭᠦᠷᠢᠭ ᠲᠤ ᠬᠦᠷᠴᠤ᠂ 78 ᠭᠠᠴᠠᠭ᠎ᠠ ᠲᠣᠰᠬᠤᠨ ︵ᠨᠡᠶᠢᠭᠡᠮ ᠲᠣᠭᠤᠷᠢᠭ︶ ᠎ ᠳᠤ ᠠᠰᠢᠭ ᠬᠦᠷᠲᠡᠭᠡᠵᠤ᠂ ᠮᠠᠯᠴᠢᠨ ᠲᠠᠷᠢᠶᠠᠴᠢᠳ ᠲᠤ ᠬᠠᠮᠲᠤ ᠶᠢᠨ ᠠᠵᠤ ᠠᠬᠤᠢ ᠶᠢᠨ ᠬᠦᠭᠵᠢᠯᠲᠡ ᠠᠴᠠ ᠪᠣᠯᠣᠭᠰᠠᠨ ᠠᠰᠢᠭ ᠲᠤᠰᠠ ᠶᠢ ᠦᠨᠡᠨ ᠬᠦ ᠬᠦᠷᠲᠡᠭᠡᠪᠡ᠃      ᠦᠣᠰᠢᠨ ᠬᠤᠰᠢᠭᠤᠨ ᠤ ᠰᠢᠷᠬᠤᠰᠤᠨ ᠪᠠᠯᠭᠠᠰᠤ ᠣᠳᠣ ᠦᠶ᠎ᠡ ᠶᠢᠨ ᠲᠠᠷᠢᠶᠠᠯᠠᠩ ᠤᠨ ᠠᠵᠤ ᠣᠶᠢᠯᠡᠰᠵᠢᠯᠲᠠ ᠶᠢᠨ ᠬᠤᠯᠪᠣᠭᠠᠲᠤ ᠲᠣᠭᠲᠠᠴᠠ ᠪᠠᠷ ᠲᠦᠰᠢᠭ ᠪᠣᠯᠭᠠᠵᠤ᠂ ᠭᠠᠵᠠᠷ ᠰᠢᠷᠣᠢ ᠶᠢ ᠨᠡᠶᠢᠲᠠᠨ ᠬᠠᠮᠢᠶᠠᠷᠤᠭᠤᠯᠬᠤ ᠰᠢᠨ᠎ᠡ ᠵᠠᠬᠠᠪᠤᠷ ᠢ ᠬᠠᠶᠢᠨ ᠰᠦᠪᠡᠭᠴᠢᠯᠠᠵᠤ᠂ 1977 ᠮᠠᠯᠴᠢᠨ ᠲᠠᠷᠢᠶᠠᠴᠢᠨ ᠳᠤ 2 ᠳ᠋ᠦᠩᠰᠢᠭᠤᠷ ᠲᠥᠭᠦᠷᠢᠭ ᠤᠨ ᠠᠰᠢᠭ ᠬᠤᠪᠢᠶᠠᠵᠤ᠂ ᠬᠠᠮᠤᠭ ᠤᠨ ᠦᠨᠳᠣᠷ ᠲᠡᠭᠡᠨ 69.8 ᠲᠦᠮᠡᠨ ᠲᠦᠭᠦᠷᠢᠭ ᠲᠤ ᠬᠥᠷᠪᠡ᠃ ᠵᠡᠭᠦᠨᠭᠠᠷ ᠬᠤᠰᠢᠭᠤᠨ ᠤ ᠨᠠᠷᠠᠰᠤᠨ ᠪᠠᠯᠭᠠᠰᠤ︽ᠨᠠᠮ ᠤᠨ ᠬᠤᠷᠢᠶ᠎ᠠ ᠵᠠᠰᠠᠭ ᠤᠨ ᠣᠷᠳᠤᠨ ᠢᠶᠠᠷ ᠭᠤᠣᠯᠯᠠᠭᠤᠯᠵᠤ᠂ ᠲᠣᠯᠣᠭᠠᠶᠢᠯᠠᠬᠤ ᠠᠵᠤ ᠠᠬᠤᠶᠢᠯᠠᠯ ᠢᠶᠠᠷ ᠲᠠᠶᠢᠴᠢᠯᠠᠭᠤᠯᠤᠨ᠂ ᠠᠵᠤ ᠠᠬᠤᠶᠢᠯᠠᠯ ᠣᠷᠣᠨ ᠨᠤᠳᠤᠭ ᠪᠠ ᠠᠵᠤ ᠠᠬᠤᠶᠢᠯᠠᠯ ᠲᠣᠰᠬᠳ ᠤ ᠠᠷᠠᠳ ᠬᠠᠮᠲᠤ ᠪᠠᠷ ᠪᠠᠶᠢᠭᠤᠯᠬᠤ︾ ᠲᠣᠭᠲᠠᠴᠠ ᠶᠢ ᠪᠠᠶᠢᠭᠤᠯᠵᠤ᠂ 19 ᠲᠣᠰᠬᠳ ᠤ 2 ᠨᠡᠶᠢᠭᠡᠮ ᠲᠣᠭᠤᠷᠢᠭ ᠤᠨ ᠎ ᠬᠢᠨ ᠬᠤᠪᠢ ᠣᠷᠤᠭᠤᠯᠤᠨ ᠺᠣᠮᠫᠠᠨᠢ ᠪᠠᠶᠢᠭᠤᠯᠵᠤ᠂ ᠰᠡᠯᠡᠭᠦᠴᠡᠯ ᠵᠤᠭᠠᠴᠠᠯ ᠤᠨ ᠲᠠᠷᠢᠶᠠᠯᠠᠩ ᠮᠠᠯ ᠠᠵᠤ ᠠᠬᠤᠢ ᠶᠢᠨ ᠶᠡᠷᠤᠩᠬᠡᠶᠢᠯᠡᠭᠰᠡᠨ ᠴᠤᠭᠴᠠ ᠶᠢ ᠪᠠᠶᠢᠭᠤᠯᠬᠤ ᠵᠡᠷᠭᠡ ᠲᠦᠷᠤᠯ ᠵᠦᠢᠯ ᠳᠤ ︽ᠵᠠᠬᠢᠶᠠᠯᠠᠭ᠎ᠠ ᠪᠠᠷ ᠪᠤᠷᠤᠯᠠᠭᠤᠯᠬᠤ︾᠂ ︽ᠬᠦᠯᠤᠰᠤᠨ ᠠᠵᠢᠯ ᠬᠢᠬᠦ ᠦᠢᠯᠠᠴᠢᠯᠡᠭᠡ︾᠂  ︽ᠦᠨᠳᠦᠰᠤᠨ ᠵᠦᠢᠯ ᠢ ᠪᠠᠲᠤᠯᠠᠵᠤ ᠠᠰᠢᠭ ᠬᠤᠪᠢᠶᠠᠬᠤ︾ ᠠᠰᠢᠭ ᠲᠣᠰᠠ ᠶᠢᠨ ᠬᠤᠯᠪᠣᠭᠠᠲᠤ ᠴᠤᠭᠴᠠ ᠶᠢ ᠰᠢᠨ᠎ᠡ ᠪᠠᠷ ᠡᠭᠦᠳᠦᠨ ᠭᠠᠷᠭᠠᠵᠤ᠂ ᠬᠠᠮᠲᠤ ᠶᠢᠨ ᠠᠵᠤ ᠠᠬᠤᠢ ᠶᠢᠨ ᠲᠠᠷᠬᠠᠢ ᠡᠵᠡᠩᠨᠡᠯᠲᠠ ᠠᠴᠠ ᠲᠥᠪᠯᠡᠷᠡᠭᠦᠯᠦᠨ ᠬᠥᠭᠵᠢᠭᠦᠯᠭᠦ ᠬᠤᠪᠢᠷᠠᠯᠲᠠ ᠶᠢ ᠪᠠᠶᠡᠯᠡᠭᠦᠯᠵᠦ᠂ ᠡᠵᠡᠩᠨᠠᠯᠲᠠ ᠶᠢᠨ ᠴᠢᠨᠠᠷᠲᠠᠢ ᠣᠷᠣᠯᠭ᠎ᠠ ᠳ᠋ᠦᠩᠰᠢᠭᠤᠷ ᠲᠦᠭᠦᠷᠢᠭ ᠢ ᠳᠠᠪᠠᠵᠤ᠂ 1050 ᠲᠦᠮᠡᠨ ᠲᠦᠭᠦᠷᠢᠭ ᠤᠨ ᠠᠰᠢᠭ ᠣᠷᠣᠯᠭ᠎ᠠ ᠬᠤᠪᠢᠶᠠᠪᠠ᠃ ᠲᠠᠯᠠᠳ ᠬᠤᠰᠢᠭᠤᠨ ᠤ ᠽᠠᠨᠳᠠᠨᠵᠤᠤ ᠰᠤᠮᠤ ᠶᠢᠨ ᠲᠣᠯᠣᠭᠠᠨ ᠬᠠᠯᠵᠠᠨ ᠲᠣᠰᠬᠤᠨ ᠭᠠᠵᠠᠷ ᠰᠢᠷᠣᠢ ᠶᠢ ᠬᠤᠷᠰᠢᠨ ᠡᠵᠡᠩᠨᠡᠬᠦ ᠵᠠᠬᠠᠪᠤᠷ ᠢ ᠬᠡᠷᠡᠭᠯᠡᠨ᠂ 88 ᠲᠣᠰᠬᠤᠨ ᠤ ᠠᠷᠠᠳ ᠬᠤᠪᠢ ᠣᠷᠣᠵᠤ᠂ 11314 ᠮᠦ ᠭᠠᠵᠠᠷ ᠰᠢᠷᠣᠢ ᠶᠢ ᠨᠡᠶᠢᠳᠭᠡᠵᠦ᠂ 1300 ᠲᠦᠮᠡᠨ ᠲᠦᠭᠦᠷᠢᠭ ᠤᠨ ᠠᠰᠢᠭ ᠬᠤᠪᠢᠶᠠᠭᠰᠠᠨ ᠪᠠᠶᠢᠨ᠎ᠠ᠃      ᠣᠶᠢᠷ᠎ᠠ ᠶᠢᠨ ᠵᠢᠯ ᠤᠳ ᠲᠤ᠂ ᠮᠠᠨ ᠤ ᠬᠤᠲᠠ ︽ᠭᠤᠷᠪᠠ ᠶᠢ ᠬᠤᠪᠢᠷᠠᠭᠤᠯᠬᠤ︾ ᠥᠭᠡᠷᠡᠴᠢᠯᠠᠯᠲᠡ᠂ ︽ᠬᠤᠶᠠᠳᠤᠭᠠᠷ ᠠᠵᠤ ᠦᠢᠯᠡᠰ ᠢᠶᠠᠷ ᠨᠢᠭᠡᠳᠤᠭᠡᠷ ᠠᠵᠤ ᠦᠢᠯᠡᠰ ᠢ ᠲᠠᠶᠢᠴᠢᠯᠠᠬᠤ᠂ ᠠᠵᠤ ᠦᠢᠯᠡᠳᠪᠦᠷᠢ ᠪᠠᠷ ᠲᠠᠷᠢᠶᠠᠯᠠᠩ ᠢ ᠲᠡᠳᠭᠦᠬᠦ︾᠂ ︽ᠨᠢᠭᠡᠳᠦᠯᠲᠠᠢ ᠲᠠᠷᠢᠵᠤ ᠬᠠᠮᠲᠤ ᠪᠠᠷ ᠴᠢᠨᠡᠭᠡᠯᠢᠭᠵᠢᠬᠦ︾᠂︽ᠨᠢᠭᠡᠳᠤᠯᠲᠠᠢ ᠲᠡᠵᠢᠭᠡᠵᠦ ᠬᠠᠮᠲᠤ ᠪᠠᠷ ᠴᠢᠨᠡᠭᠡᠯᠢᠭᠵᠢᠬᠦ︾ ᠵᠡᠷᠭᠡ ᠲᠦᠷᠤ ᠶᠢᠨ ᠪᠣᠳᠣᠯᠭ᠎ᠠ  ᠶᠢᠨ ᠳᠠᠮᠵᠢᠯᠭᠡ ᠪᠠᠷ ᠳᠠᠮᠵᠢᠭᠤᠯᠤᠨ ᠦᠭᠡᠷᠡᠴᠢᠯᠡᠯᠲᠠ ᠶᠢᠨ ᠠᠷᠭ᠎ᠠ ᠵᠠᠮ ᠢ ᠣᠯᠠᠮ ᠨᠢᠭᠡ ᠠᠯᠬᠤᠮ ᠥᠷᠭᠡᠳᠭᠡᠵᠦ᠂ ︽ᠰᠤᠯᠠ ᠲᠠᠯᠪᠢᠭᠳᠠᠵᠤ ᠪᠠᠶᠢᠭ᠎ᠠ ᠡᠳ᠋ ᠬᠦᠷᠤᠩᠬᠡ︾᠂ ︽ᠳᠠᠪᠠᠭᠤᠯᠢᠭ ᠡᠬᠢ ᠪᠠᠶᠠᠯᠢᠭ︾᠂ ︽ᠨᠡᠶᠢᠭᠡᠮ ᠤᠨ ᠬᠦᠷᠥᠩᠬᠡ︾᠎ ᠶᠢ ᠠᠮᠢᠳᠤᠯᠢᠭ ᠪᠣᠯᠭᠠᠨ ︽ᠵᠥᠷᠢᠶᠡᠲᠤ ᠭᠠᠵᠠᠷ ᠤᠨ ᠠᠵᠤ ᠠᠬᠤᠢ︾᠎ ᠶᠢ ᠠᠮᠢᠳᠤᠯᠢᠭ ᠡᠷᠬᠢᠯᠡᠵᠤ᠂ ᠠᠵᠤ ᠦᠢᠯᠡᠰ ᠤᠨ ᠠᠭᠤᠰᠤᠯᠴᠠᠨ ᠬᠦᠭᠵᠢᠬᠦ ᠶᠢ ᠠᠬᠢᠭᠤᠯᠵᠤ᠂ ᠬᠠᠮᠲᠤ ᠶᠢᠨ ᠠᠵᠤ ᠠᠬᠤᠢ ᠶᠢᠨ ᠦᠷᠭᠦᠯᠵᠢᠯᠡᠨ ᠬᠦᠭᠵᠢᠨ ᠪᠤᠵᠠᠭᠠᠶᠢᠷᠷᠠᠬᠤ ᠶᠢ ᠪᠡᠶᠡᠯᠡᠭᠦᠯᠪᠡ᠃
ᠢᠷᠡᠯᠲᠡ᠄ ᠣᠷᠳᠣᠰ ᠬᠤᠲᠠ ᠶᠢᠨ ᠬᠠᠮ ᠵᠠᠭᠤᠴᠢᠯᠠᠭᠤᠷ ᠤᠨ ᠲᠥᠪ