ᠮᠠᠨ ᠤ ᠬᠤᠲᠠ ᠰᠥᠨᠢ ᠮᠥᠰᠣ ᠳᠡᠯᠪᠡᠴᠢᠬᠦ ᠰᠣᠷᠢᠯᠲᠠ ᠬᠢᠪᠡ
ᠨᠡᠶᠢᠲᠡᠯᠡᠭᠰᠡᠨ ᠴᠠᠭ᠄
2025/2/28
      ᠣᠶᠢᠷ᠎ᠠ ᠶᠢᠨ ᠡᠳᠦᠷ᠂ ᠠᠭᠠᠷ ᠤᠨ ᠳᠤᠯᠠᠭᠠᠨ ᠳᠡᠭᠡᠭᠰᠢᠯᠡᠬᠦ ᠶᠢ ᠳᠠᠭᠠᠯᠳᠤᠨ ᠬᠠᠲᠤᠨ ᠭᠤᠣᠯ ᠤᠨ ᠤᠷᠳᠤᠰ ᠤᠨ ᠬᠡᠰᠡᠭ ᠪᠥᠬᠦᠨ ᠢᠶᠠᠷ ᠢᠶᠠᠨ ᠲᠠᠶᠢᠯᠬᠤ ᠬᠤᠭᠤᠴᠠᠭᠠᠨ ᠳᠠᠭᠠᠨ ᠣᠷᠣᠪᠠ᠃ ᠬᠠᠲᠤᠨ ᠭᠤᠣᠯ ᠤᠨ ᠰᠦᠩ ᠬᠠᠯᠢᠶ᠎ᠠ ᠶᠢ ᠰᠡᠷᠭᠡᠶᠢᠯᠠᠨ ᠪᠠᠴᠢᠮ ᠪᠠᠶᠢᠳᠠᠯ ᠢ ᠠᠷᠭᠠᠴᠠᠭᠠᠵᠤ ᠠᠪᠤᠷᠠᠨ ᠲᠤᠰᠠᠯᠠᠬᠤ ᠴᠢᠳᠠᠮᠵᠢ ᠶᠢ ᠪᠥᠬᠦ ᠲᠠᠯ᠎ᠠ ᠪᠠᠷ ᠲᠡᠭᠡᠭᠰᠢᠯᠡᠭᠦᠯᠬᠦ ᠶᠢᠨ ᠲᠥᠯᠥᠭᠡ 2 ᠰᠠᠷ᠎ᠠ ᠶᠢᠨ 27 ᠎ ᠤ ᠣᠷᠣᠢ ᠳᠠᠯᠠᠳ ᠬᠤᠰᠢᠭᠤᠨ ᠤ ᠠᠷᠠᠳ ᠤᠨ ᠵᠡᠪᠰᠡᠭᠲᠤ ᠬᠦᠴᠣᠨ ᠤ ᠬᠡᠯᠲᠡᠰ ᠪᠠ ᠣᠷᠣᠨ ᠨᠤᠲᠤᠭ ᠤᠨ ᠤᠯᠠᠨ ᠰᠠᠯᠠᠭ᠎ᠠ ᠮᠥᠴᠢᠷ ᠬᠠᠮᠲᠤᠷᠠᠨ ᠬᠠᠲᠤᠨ ᠭᠤᠣᠯ ᠤᠨ ᠲᠠᠯᠠᠳ ᠬᠤᠰᠢᠭᠤᠨ ᠤ ᠬᠡᠰᠡᠭ ᠲᠤ ᠰᠦᠩ ᠬᠠᠯᠢᠶ᠎ᠠ ᠶᠢᠨ ᠦᠶᠡᠷ ᠢ ᠰᠡᠷᠭᠡᠶᠢᠯᠡᠬᠦ ᠬᠠᠮᠲᠤᠷᠠᠭᠰᠠᠨ ᠰᠣᠷᠢᠯᠲᠠ ᠬᠢᠭᠰᠡᠨ ᠪᠠᠶᠢᠨ᠎ᠠ᠃ ᠡᠨᠡ ᠨᠢ ᠮᠠᠨ ᠤ ᠬᠤᠲᠠ ᠶᠢᠨ ᠠᠩᠬᠠᠳᠠᠭᠴᠢ ᠰᠥᠨᠢ ᠮᠥᠰᠣ ᠳᠠᠯᠪᠡᠴᠢᠬᠦ ᠰᠣᠷᠢᠯᠲᠠ ᠪᠣᠯᠣᠨ᠎ᠠ᠃      ᠬᠠᠲᠤᠨ ᠭᠤᠣᠯ ᠤᠨ ᠤᠷᠳᠤᠰ ᠲᠠᠬᠢ ᠬᠡᠰᠡᠭ ᠤᠨ ᠪᠥᠬᠦ ᠤᠷᠲᠤ ᠨᠢ 728 ᠺᠢᠯᠣᠮᠧᠲᠷ ᠪᠠᠶᠢᠵᠤ᠂ ᠳᠠᠯᠠᠳ ᠬᠤᠰᠢᠭᠤᠨ ᠬᠡᠰᠡᠭ ᠲᠤ ᠨᠤᠭᠤᠯᠵᠠᠭᠤᠷ ᠠᠷᠪᠢᠨ ᠪᠣᠯᠬᠤᠷ ᠳᠡᠭᠡᠲᠦ ᠣᠷᠣᠰᠬᠠᠯ ᠤᠨ ᠲᠠᠶᠢᠯᠤᠭᠳᠠᠭᠰᠠᠨ ᠰᠦᠩ ᠬᠠᠯᠢᠶ᠎ᠠ ᠠᠭᠠᠵᠢᠮ ᠢᠶᠠᠷ ᠣᠷᠣᠰᠴᠤ ᠳᠠᠪᠬᠤᠴᠠᠨ ᠣᠪᠣᠭᠠᠷᠠᠭᠰᠠᠭᠠᠷ ᠪᠠᠶᠢᠭᠠᠳ ᠮᠦᠰᠤᠨ ᠬᠠᠰᠢᠯᠭ᠎ᠠ ᠪᠦᠷᠢᠯᠳᠤᠨ ᠤᠰᠤᠨ ᠤ ᠤᠷᠤᠰᠬᠠᠯ ᠢ ᠨᠦᠯᠤᠭᠡᠯᠡᠳᠡᠭ᠃ ᠲᠣᠰ ᠤᠳᠠᠭᠠᠨ ᠤ ᠰᠣᠷᠢᠯᠲᠠ ᠨᠢ ᠶᠠᠭ ᠯᠠ ᠲᠤᠣᠷᠠᠲᠤ ᠤᠷᠤᠰᠬᠠᠯ ᠳᠤ ᠪᠠᠶᠢᠷᠢᠯᠠᠵᠤ ᠪᠠᠶᠢᠭ᠎ᠠ ᠳᠠᠯᠠᠳ ᠬᠤᠰᠢᠭᠤᠨ ᠤ ᠵᠢᠤ ᠰᠢᠶᠣᠣ ᠳ᠋ᠦ᠋ ᠺᠧᠦ ᠳᠠᠬᠢ ᠭᠤᠣᠯ ᠤᠨ ᠤᠰᠤᠨ ᠲᠦᠪᠰᠢᠨ ᠤ ᠵᠥᠷᠢᠶ᠎ᠡ ᠶᠡᠬᠡᠰᠴᠤ᠂ ᠬᠠᠰᠢᠯᠭ᠎ᠠ ᠳᠠᠯᠠᠩ ᠰᠠᠲᠠᠷᠠᠨ ᠯᠠᠪᠡᠷᠡᠬᠦ ᠠᠶᠤᠯ ᠲᠤᠯᠭᠠᠷᠠᠵᠤ ᠣᠶᠢᠷ᠎ᠠ ᠬᠠᠪᠢ ᠶᠢᠨ ᠤᠯᠠᠨ ᠲᠦᠮᠡᠨ ᠤ ᠠᠮᠢ ᠨᠠᠰᠤ ᠡᠳ᠋ ᠬᠦᠷᠤᠩᠬᠡ ᠶᠢᠨ ᠠᠮᠤᠷ ᠲᠦᠪᠰᠢᠨ ᠳᠤ ᠬᠦᠨᠳᠤ ᠨᠤᠴᠢᠲᠠᠢ ᠰᠦᠷᠳᠡᠭᠦᠯᠤᠯ ᠪᠣᠯᠣᠭᠰᠠᠨ ᠢᠶᠠᠷ ᠵᠣᠬᠢᠶᠠᠮᠠᠯ ᠠᠬᠤᠢ ᠪᠠᠶᠢᠳᠠᠯ ᠢᠶᠠᠨ ᠪᠣᠯᠭᠠᠵᠤ᠂ ᠠᠯᠬᠤᠮ ᠳᠠᠷᠠᠭ᠎ᠠ ᠲᠠᠢ ᠡᠮᠬᠢ ᠲᠢᠭᠯᠢᠮ ᠲᠠᠢ ᠶᠠᠪᠤᠭᠳᠠᠭᠤᠯᠤᠭᠰᠠᠨ ᠪᠠᠶᠢᠨ᠎ᠠ᠃
 
 
ᠢᠷᠡᠯᠲᠡ᠄ ᠣᠷᠳᠣᠰ ᠬᠤᠲᠠ ᠶᠢᠨ ᠬᠠᠮ ᠵᠠᠭᠤᠴᠢᠯᠠᠭᠤᠷ ᠤᠨ ᠲᠥᠪ