ᠵᠡᠭᠦᠨᠭᠠᠷ ᠬᠤᠰᠢᠭᠤᠨ ᠤ ᠾᠧ ᠵᠢᠶᠠ ᠱᠠ ᠪᠧᠢ ᠶᠢᠨ ᠪᠠᠭᠤᠷᠢᠨ ᠠᠴᠠ ᠣᠯᠳᠠᠭᠰᠠᠨ ᠡᠳᠦᠭᠡ ᠠᠴᠠ 6500 ~6000 ᠵᠢᠯ ᠤᠨ ᠡᠮᠦᠨᠡᠬᠢ ᠰᠢᠨ᠎ᠡ | ᠴᠢᠯᠠᠭᠤᠨ ᠵᠡᠪᠰᠡᠭ ᠤᠨ ᠦᠶ᠎ᠡ ᠶᠢᠨ ᠸᠠᠭᠠᠷᠤᠨ ᠯᠣᠩᠬᠤ᠃ ᠠᠮᠠᠰᠠᠷ ᠤᠨ ᠳ᠋ᠢᠶᠠᠮᠧᠲᠷ ᠨᠢ 6.6cm᠂ ᠢᠷᠤᠭᠠᠷ ᠤᠨ ᠳ᠋ᠢᠶᠠᠮᠧᠲᠷ ᠨᠢ 8.3cm᠂ ᠦᠨᠳᠦᠷ ᠨᠢ | 47.5cm᠃ ᠰᠢᠪᠠᠷ ᠬᠢᠴᠡᠲᠡᠢ ᠤᠯᠠᠭᠠᠨ ᠸᠠᠭᠠᠷ᠂ ᠠᠮᠠᠰᠠᠷ ᠪᠠᠭ᠎ᠠ᠂ ᠢᠷᠮᠡᠭ ᠨᠤᠭᠤᠷᠬᠠᠢ᠂ ᠭᠡᠳᠡᠰᠦ ᠪᠦᠮᠪᠦᠭᠡᠷ᠂ ᠢᠷᠤᠭᠠᠷ ᠲᠡᠭᠰᠢ᠂ ᠨᠢᠭᠤᠷ ᠴᠤᠯᠭᠤᠢ᠂ | ᠢᠯᠢᠵᠦ ᠭᠦᠯᠡᠶᠢᠯᠭᠡᠵᠡᠢ᠂ ᠬᠤᠶᠠᠷ ᠲᠠᠯ᠎ᠠ ᠳᠤᠨᠢ ᠰᠡᠨᠵᠢ ᠲᠠᠢ᠃ | ᠤᠰᠤ ᠠᠭᠤᠯᠬᠤ᠂ ᠵᠦᠭᠡᠭᠡᠪᠦᠷᠢᠯᠡᠬᠦ ᠪᠠᠭᠠᠵᠢ ᠮᠦᠨ᠃ ᠭᠠᠳᠠᠭᠰᠢ ᠨᠤᠭᠤᠯᠠᠭᠰᠠᠨ ᠢᠷᠮᠡᠭ᠂ ᠬᠤᠶᠠᠷ ᠰᠡᠨᠵᠢ᠂ ᠢᠷᠤᠭᠠᠷ ᠱᠣᠪᠲᠣᠩ ᠬᠢᠳᠡᠭ ᠤᠨ ᠤᠴᠢᠷ ᠪᠣᠯ | ᠰᠠᠪᠠᠨ ᠳᠤ ᠳᠡᠭᠡᠰᠦ ᠣᠷᠣᠭᠤᠯᠵᠤ ᠤᠰᠤ ᠪᠠᠨ ᠵᠦᠭᠡᠭᠡᠪᠦᠷᠢᠯᠡᠬᠦ ᠶᠢᠨ ᠲᠦᠯᠦᠭᠡ᠂ ᠠᠮᠠᠰᠠᠷ ᠪᠠᠭ᠎ᠠ ᠬᠢᠳᠡᠭ ᠤᠨ ᠤᠴᠢᠷ ᠪᠣᠯ ᠠᠰᠬᠠᠭᠳᠠᠵᠤ ᠴᠠᠯᠭᠢᠭᠳᠠᠬᠤ ᠠᠴᠠ | ᠬᠢᠴᠢᠶᠡᠭᠰᠡᠨ ᠤ ᠶᠤᠮ᠃ | | |