ᠵᠡᠭᠦᠨᠭᠠᠷ ᠬᠤᠰᠢᠭᠤᠨ ᠤ ᠨᠠᠷᠠᠨ ᠳᠤᠬᠤᠢ ᠶᠢᠨ ᠪᠠᠭᠤᠷᠢᠨ ᠠᠴᠠ ᠣᠯᠳᠠᠭᠰᠠᠨ ᠡᠳᠦᠭᠡ ᠠᠴᠠ 6500 ~6000 ᠵᠢᠯ ᠤᠨ ᠡᠮᠦᠨᠡᠬᠢ ᠰᠢᠨ᠎ᠡ ᠴᠢᠯᠠᠭᠤᠨ | ᠵᠡᠪᠰᠡᠭ ᠤᠨ ᠦᠶ᠎ᠡ ᠶᠢᠨ ᠸᠠᠭᠠᠷᠤᠨ ᠪᠤᠲᠤᠩ᠃ ᠠᠮᠠᠰᠠᠷ ᠤᠨ ᠳ᠋ᠢᠶᠠᠮᠧᠲᠷ ᠨᠢ 26.5cm᠂ ᠢᠷᠤᠭᠠᠷ ᠤᠨ ᠳ᠋ᠢᠶᠠᠮᠧᠲᠷ ᠨᠢ 12.8cm᠂ ᠦᠨᠳᠦᠷ ᠨᠢ32. | 2cm᠃ ᠬᠠᠶᠢᠷ ᠬᠤᠯᠢᠭᠳᠠᠭᠰᠠᠨ ᠤᠯᠠᠭᠠᠨ ᠸᠠᠭᠠᠷᠤᠨ ᠬᠢᠴᠡᠲᠡᠢ᠂ ᠬᠤᠮᠪᠠᠭᠠᠷ ᠠᠮᠠᠰᠠᠷ᠂ ᠴᠦᠷᠳᠡᠭᠡᠷ ᠭᠡᠳᠡᠰᠦ᠂ ᠲᠡᠭᠰᠢ ᠢᠷᠣᠭᠠᠷ᠂ ᠵᠢᠰᠢᠭᠦᠦ ᠤᠲᠠᠰᠤᠨ ᠠᠷ | ᠲᠠᠢ᠃ | ᠬᠠᠶᠢᠷ ᠬᠤᠯᠢᠭᠳᠠᠭᠰᠠᠨ ᠸᠠᠭᠠᠷᠤᠨ ᠪᠤᠲᠤᠩ ᠪᠣᠯ ᠶᠠᠭᠤᠮ᠎ᠠ ᠬᠢᠵᠦ ᠴᠢᠨᠠᠬᠤ ᠭᠠᠯ ᠲᠣᠭᠤᠭᠠᠨ ᠤ ᠬᠡᠷᠡᠭᠰᠡᠯ ᠪᠣᠯᠣᠨ᠎ᠠ᠃ ᠵᠣᠭᠤᠰᠣᠯᠠᠭᠤᠯᠵᠣ ᠬᠢᠬᠦ ᠠᠷᠭ᠎ᠠ ᠪᠠᠷ | ᠪᠦᠲᠦᠭᠡᠵᠡᠢ᠂ ᠰᠢᠪᠠᠷ ᠢᠶᠠᠨ ᠠᠯᠠᠭᠠᠳᠠᠵᠤ ᠳᠡᠭᠡᠰᠦ ᠮᠡᠲᠦ ᠤᠷᠲᠤ ᠪᠦᠭᠡᠷᠡᠩᠬᠡᠢ ᠪᠣᠯᠭᠠᠭᠠᠳ ᠰᠠᠪᠠᠨ ᠤ ᠪᠠᠨ ᠠᠩᠬᠠᠨ ᠤ ᠲᠦᠷᠰᠦ ᠶᠢ ᠳᠠᠪᠬᠤᠷ ᠲᠠᠪᠬᠤᠷ ᠢᠶᠠᠷ | ᠴᠠᠭᠠᠷᠢᠭᠯᠠᠭᠤᠯᠤᠨ ᠦᠷᠦᠵᠦ ᠭᠠᠷᠭᠠᠨ᠎ᠠ᠂ ᠡᠭᠦᠨ ᠢᠶᠠᠨ ᠬᠦᠷᠳᠦᠨ ᠤ ᠳᠡᠭᠡᠷ᠎ᠡ ᠲᠠᠯᠪᠢᠭᠠᠳ ᠬᠦᠷᠳᠦ ᠪᠠᠨ ᠡᠷᠭᠢᠯᠳᠦᠭᠦᠯᠬᠦ ᠶᠢᠨ ᠳᠠᠭᠠᠤ ᠲᠤᠰᠬᠠᠢ ᠬᠢᠭᠰᠡᠨ | ᠴᠤᠬᠢᠭᠤᠷ ᠢᠶᠠᠷ ᠰᠠᠪᠠᠨ ᠤ ᠲᠤᠲᠤᠷ ᠭᠠᠳᠠᠨᠠᠬᠢ ᠶᠢ ᠰᠠᠶᠢᠲᠤᠷ ᠴᠤᠬᠢᠵᠦ ᠨᠢᠭᠲᠠᠷᠰᠢᠭᠤᠯᠤᠨᠠ᠂ ᠳᠠᠷᠠᠭ᠎ᠠ ᠨᠢ ᠵᠢᠭᠳᠡᠯᠡᠨ ᠵᠠᠰᠠᠵᠤ ᠰᠡᠭᠦᠳᠡᠷ ᠭᠠᠵᠠᠷ ᠬᠠᠲᠠᠭᠠᠭᠠᠳ | ᠰᠢᠲᠠᠭᠠᠵᠤ ᠪᠦᠲᠦᠭᠡᠳᠡᠭ᠃ ᠬᠠᠶᠢᠷ ᠬᠤᠯᠢᠳᠠᠭ ᠤᠨ ᠤᠴᠢᠷ ᠪᠣᠯ ᠬᠠᠯᠠᠭᠤᠨ ᠬᠦᠢᠲᠡᠨ ᠤ ᠣᠭᠴᠣᠮ ᠰᠣᠯᠢᠭᠳᠠᠯ ︵ᠳᠤᠲᠤᠷ᠎ᠠ ᠨᠢ ᠶᠠᠭᠤᠮ᠎ᠠ ᠬᠢᠵᠦ ᠴᠢᠨᠠᠳᠠᠭ | ᠪᠣᠯᠬᠤᠷ︶ ᠳᠤ ᠬᠠᠭᠠᠷᠠᠬᠤ ᠠᠴᠠ ᠰᠡᠷᠭᠡᠶᠢᠯᠡᠭᠰᠡᠨ ᠤ᠂ ᠱᠤᠪᠲᠤᠩ ᠢᠷᠤᠭᠠᠷ ᠲᠠᠢ ᠬᠢᠳᠡᠭ ᠤᠨ ᠣᠴᠢᠷ ᠪᠣᠯ ᠭᠠᠯ ᠲᠠᠢ ᠬᠦᠷᠦᠯᠴᠡᠬᠦ ᠲᠠᠯᠠᠪᠠᠢ ᠶᠢ ᠨᠢ ᠶᠡᠬᠡᠰᠭᠡᠬᠦ ᠶᠢᠨ | ᠲᠦᠯᠦᠭᠡ ᠶᠤᠮ᠃ | | |