ᠵᠡᠭᠦᠨᠭᠠᠷ ᠬᠤᠰᠢᠭᠤᠨ ᠤ ᠶᠥᠩ ᠰᠢᠩ ᠳ᠋ᠢᠶᠠᠨ ᠤ ᠪᠠᠭᠤᠷᠢ ᠠᠴᠠ ᠣᠯᠳᠠᠭᠰᠠᠨ ᠡᠳᠦᠭᠡ ᠠᠴᠠ 4600 ~4200 ᠵᠢᠯ ᠤᠨ ᠡᠮᠦᠨᠡᠬᠢ ᠰᠢᠨ᠎ᠡ ᠴᠢᠯᠠᠭᠤᠨ | ᠵᠡᠪᠰᠡᠭ ᠤᠨ ᠬᠤᠵᠢᠭᠤ ᠦᠶ᠎ᠡ ᠶᠢᠨ ᠰᠠᠪᠠ᠃ ᠠᠮᠠᠰᠠᠷ ᠤᠨ ᠳ᠋ᠢᠶᠠᠮᠧᠲᠷ ᠨᠢ 25cm᠂ ᠦᠨᠳᠦᠷ ᠨᠢ 46.9 cm᠃ ᠬᠠᠶᠢᠷ ᠬᠤᠯᠢᠭᠳᠠᠭᠰᠠᠨ ᠬᠥᠬᠡ ᠸᠠᠭᠠᠷᠤᠨ | ᠬᠢᠴᠡᠲᠡᠢ᠂ ᠴᠠᠷᠪᠠᠭᠠᠷ ᠠᠮᠠᠰᠠᠷ᠂ ᠬᠤᠮᠢᠭᠰᠠᠨ ᠬᠦᠵᠦᠭᠦᠦ᠂ ᠬᠦᠨᠳᠡᠢ ᠲᠠᠢ ᠭᠤᠷᠪᠠᠨ ᠬᠥᠯ᠂ ᠬᠤᠶᠠᠷ ᠪᠠᠷᠢᠭᠤᠯ᠂ ᠵᠢᠰᠢᠭᠦᠦ ᠤᠲᠠᠰᠤᠨ ᠠᠷ ᠲᠠᠢ᠃ | ᠪᠣᠯᠭᠤᠭᠰᠠᠨ ᠢᠳᠡᠭᠡᠨ ᠤ ᠱᠠᠭᠠᠷᠳᠠᠯᠭ᠎ᠠ ᠤᠯᠠᠮ ᠢᠶᠠᠷ ᠨᠡᠮᠡᠭᠳᠡᠬᠦ ᠶᠢ ᠳᠠᠭᠠᠯᠳᠤᠭᠠᠳ ᠲᠦᠯᠡᠰᠢᠨ ᠳᠤ ᠠᠷᠪᠢᠲᠠᠢ ᠴᠢᠨᠠᠵᠤ ᠪᠣᠯᠭᠤᠬᠤ ᠰᠠᠪᠠ ᠬᠡᠷᠡᠭᠴᠡᠭᠡᠲᠡᠢ | ᠪᠣᠯᠪᠠ᠂ ᠡᠶᠢᠮᠦ ᠱᠠᠭᠠᠷᠳᠠᠯᠭ᠎ᠠ ᠠᠴᠠ ᠲᠤᠯᠭ᠎ᠠ ᠲᠣᠭᠤᠭ᠎ᠠ ᠪᠤᠢ ᠪᠣᠯᠵᠠᠢ᠃ ᠬᠠᠶᠢᠷ ᠬᠤᠯᠢᠭᠳᠠᠭᠰᠠᠨ ᠰᠠᠪᠠ᠂ ᠪᠦᠷᠢᠶᠡᠨ ᠠᠮᠠᠰᠠᠷ ᠱᠣᠪᠲᠣᠩ ᠢᠷᠤᠭᠠᠠᠷᠲᠤ | ᠯᠣᠩᠬᠤᠨ ᠠᠴᠠ ᠲᠤᠯᠭ᠎ᠠ ᠲᠣᠭᠤᠭ᠎ᠠ ᠬᠦᠭᠵᠢᠨ ᠬᠤᠪᠢᠰᠴᠦ ᠢᠷᠡᠭᠰᠡᠨ ᠪᠣᠯᠣᠮᠵᠢᠲᠠᠢ᠃ ᠤᠤᠯ ᠤᠨ ᠰᠠᠪᠠ ᠬᠡᠷᠡᠭᠰᠡᠯ ᠢᠶᠠᠨ ᠪᠣᠳᠣᠪᠠᠯ ᠭᠠᠯ ᠲᠠᠢ ᠬᠦᠷᠦᠯᠴᠡᠬᠦ | ᠲᠠᠯᠠᠪᠠᠢ ᠨᠢ ᠨᠡᠩ ᠶᠡᠭᠡ ᠪᠣᠯᠣᠭᠠᠳ ᠪᠣᠯᠭᠤᠬᠤ ᠳᠤ ᠬᠤᠷᠳᠤᠨ᠂ ᠲᠦᠯᠡᠰᠢᠨ ᠳᠤ ᠭᠠᠮᠲᠠᠢ ᠪᠣᠯᠣᠭᠰᠠᠨ ᠪᠠᠶᠢᠨ᠎ᠠ᠃ ᠨᠡᠭᠡᠭᠡᠯᠲᠡ ᠶᠢᠨ ᠴᠢᠨᠠᠷᠲᠠᠢ ᠡᠨᠡ ᠰᠠᠪᠠ ᠬᠠᠲᠤᠨ | ᠭᠤᠣᠯ ᠤᠨ ᠰᠠᠪᠠ ᠭᠠᠵᠠᠷ ᠢᠶᠠᠷ ᠭᠤᠷᠪᠠᠨ ᠮᠢᠩᠭᠠᠨ ᠵᠢᠯ ᠬᠡᠷᠡᠭᠯᠡᠭᠳᠡᠵᠦ ᠢᠷᠡᠭᠰᠡᠨ ᠪᠠᠶᠢᠨ᠎ᠠ᠃ | | |