ᠡᠵᠡᠨ ᠬᠤᠷᠤᠭ᠎ᠠ ᠬᠤᠰᠢᠭᠤᠨ ᠤ ᠵᠢᠷᠦᠬᠡ ᠶᠢᠨ ᠭᠤᠣᠯ ᠠᠴᠠ ᠣᠯᠳᠠᠭᠰᠠᠨ ᠡᠳᠦᠭᠡ ᠠᠴᠠ 4200 ~3500 ᠵᠢᠯ ᠤᠨ ᠡᠮᠦᠨᠡᠬᠢ ᠸᠠᠭᠠᠷᠤᠨ ᠲᠤᠯᠭ᠎ᠠ | ᠲᠣᠭᠤᠭ᠎ᠠ᠃ ᠠᠮᠠᠰᠠᠷ ᠤᠨ ᠳ᠋ᠢᠶᠠᠮᠧᠲᠷ ᠨᠢ 14cm᠂ ᠦᠨᠳᠦᠷ ᠨᠢ 23.2 cm᠃ ᠬᠠᠶᠢᠷ ᠬᠤᠯᠢᠭᠳᠠᠭᠰᠠᠨ ᠬᠥᠬᠡ ᠸᠠᠭᠠᠷᠤᠨ ᠬᠢᠴᠡᠲᠡᠢ᠂ ᠴᠠᠷᠪᠠᠭᠠᠷ ᠠᠮᠠᠰᠠᠷ᠂ | ᠬᠤᠮᠢᠭᠰᠠᠨ ᠬᠦᠵᠦᠭᠦᠦ᠂ ᠬᠦᠨᠳᠡᠢ ᠲᠠᠢ ᠭᠤᠷᠪᠠᠨ ᠬᠥᠯ᠂ ᠪᠦᠬᠦᠯᠢ ᠪᠡᠶᠡᠨ ᠳᠤᠨᠢ ᠵᠢᠰᠢᠭᠦᠦ ᠤᠲᠠᠰᠤᠨ ᠠᠷ ᠲᠠᠢ ᠂ ᠰᠠᠯᠳᠠᠭ᠎ᠠ ᠪᠣᠯᠣᠨ ᠬᠥᠯ ᠳᠤᠨᠢ ᠨᠡᠮᠡᠵᠦ | ᠨᠠᠭᠠᠯᠳᠣᠭᠤᠯᠣᠭᠰᠠᠨ ᠮᠣᠭᠠᠢ ᠰᠢᠭ᠋ ᠮᠣᠷᠣᠯᠵᠠᠭᠰᠠᠨ ᠠᠷ ᠲᠠᠢ᠃ | ᠵᠢᠷᠦᠬᠡ ᠶᠢᠨ ᠭᠤᠣᠯ ᠤᠨ ᠬᠦᠮᠦᠰ ᠤᠨ ᠪᠠᠶᠢᠩᠭᠤ ᠬᠡᠷᠡᠭᠯᠡᠳᠡᠭ ᠰᠠᠪᠠ ᠮᠦᠨ᠂ ᠨᠡᠮᠡᠵᠦ ᠨᠠᠭᠠᠯᠳᠣᠭᠤᠯᠣᠭᠰᠠᠨ ᠮᠣᠭᠠᠢ ᠠᠷ ᠪᠣᠯ ᠬᠠᠭᠠᠷᠠᠬᠤ ᠠᠴᠠ | ᠰᠡᠷᠭᠡᠶᠢᠯᠡᠬᠦ ᠶᠢᠨ ᠦᠢᠯᠡᠳᠦᠯ ᠲᠠᠢ᠃ ᠸᠠᠭᠠᠷ ᠰᠢᠲᠠᠭᠠᠬᠤ ᠮᠡᠷᠭᠡᠵᠢᠯ ᠤᠨ ᠰᠠᠶᠢᠵᠢᠷᠠᠬᠤ ᠶᠢ ᠳᠠᠭᠠᠯᠳᠤᠭᠠᠳ ᠨᠡᠮᠡᠵᠦ ᠨᠠᠭᠠᠯᠳᠣᠭᠤᠯᠣᠭᠰᠠᠨ ᠠᠷ ᠭᠠᠷᠭᠠᠬᠤ ᠴᠢᠬᠤᠯᠠ | ᠦᠭᠡᠢ ᠪᠣᠯᠣᠭᠰᠠᠨ ᠴᠤ ᠴᠢᠮᠡᠭ ᠤᠭᠠᠯᠵᠠ᠂ ᠪᠡᠯᠭᠡᠳᠡᠯ ᠲᠡᠮᠲᠡᠭ ᠪᠣᠯᠵᠤ ᠬᠤᠪᠢᠷᠠᠭᠰᠠᠨ ᠪᠠᠶᠢᠵᠠᠢ᠃ ᠴᠠᠭ ᠠᠭᠤᠷ ᠭᠠᠩ ᠬᠠᠭᠤᠷᠠᠢ ᠪᠣᠯᠵᠤ ᠬᠦᠢᠲᠡᠷᠡᠭᠰᠡᠨ ᠤ | ᠤᠯᠠᠮ ᠢᠶᠠᠷ ᠵᠢᠷᠦᠬᠡ ᠶᠢᠨ ᠭᠤᠣᠯ ᠤᠨ ᠬᠦᠮᠦᠰ ᠬᠠᠭᠠᠰ ᠮᠠᠯᠵᠢᠬᠤ ᠬᠠᠭᠠᠰ ᠲᠠᠷᠢᠶᠠᠯᠠᠬᠤ ᠠᠵᠤ ᠠᠬᠤᠢ ᠶᠢ ᠡᠷᠬᠢᠯᠡᠬᠦ ᠪᠣᠯᠪᠠ᠂ ᠬᠤᠵᠢᠮ ᠤᠮᠠᠷᠠᠲᠤ ᠶᠢᠨ ᠬᠥᠮᠥᠨ ᠤ | ᠪᠠᠭᠠᠵᠢ ᠬᠡᠷᠡᠭᠰᠡᠯ᠂ ᠰᠤᠶᠤᠯ ᠢᠷᠭᠡᠨᠰᠢᠯ ᠤᠨ ᠬᠢᠨᠢ ᠪᠡᠯᠭᠡᠳᠡᠯ ᠪᠣᠯᠣᠭᠰᠠᠨ ᠪᠠᠶᠢᠵᠠᠢ᠃ | | |