ᠰᠠᠷᠠᠯᠵᠢᠲᠤ ᠲᠣᠭᠤᠭ᠎ᠠ
ᠨᠡᠶᠢᠲᠡᠯᠡᠭᠰᠡᠨ ᠴᠠᠭ᠄
2025/3/18
     ᠡᠵᠡᠨ ᠬᠤᠷᠤᠭ᠎ᠠ ᠬᠤᠰᠢᠭᠤᠨ ᠤ ᠵᠢᠷᠦᠬᠡ ᠶᠢᠨ ᠭᠤᠣᠯ ᠠᠴᠠ ᠣᠯᠳᠠᠭᠰᠠᠨ ᠡᠳᠦᠭᠡ ᠠᠴᠠ 4200~3500 ᠵᠢᠯ ᠤᠨ ᠡᠮᠦᠨᠡᠬᠢ ᠰᠠᠷᠠᠯᠵᠢᠲᠤ ᠲᠣᠭᠤᠭ᠎ᠠ᠃ ᠠᠮᠠᠰᠠᠷ ᠤᠨ ᠳ᠋ᠢᠶᠠᠮᠧᠲᠷ ᠨᠢ 32.6cm᠂ ᠦᠨᠳᠦᠷ ᠨᠢ 55.7 cm᠃ ᠬᠠᠶᠢᠷ ᠬᠤᠯᠢᠭᠳᠠᠭᠰᠠᠨ ᠬᠦᠷᠡᠩ ᠸᠠᠭᠠᠷᠤᠨ ᠬᠢᠴᠡᠲᠡᠢ᠂ ᠴᠠᠷᠪᠠᠭᠠᠷ ᠠᠮᠠᠰᠠᠷ᠂ ᠨᠠᠷᠢᠬᠠᠨ ᠪᠦᠰᠡᠯᠡᠭᠦᠷ᠂ ᠬᠦᠨᠳᠡᠢ ᠲᠠᠢ ᠭᠤᠷᠪᠠᠨ ᠬᠥᠯ ᠎ ᠲᠠᠢ᠂ ᠬᠤᠶᠠᠷ ᠬᠠᠵᠠᠭᠤ ᠳᠤᠨᠢ ᠪᠠᠷᠢᠭᠤᠯ ᠲᠠᠢ᠃     ᠰᠠᠷᠠᠯᠵᠢᠲᠤ ᠲᠣᠭᠤᠭ᠎ᠠ ᠪᠣᠯ ︽ᠵᠢᠷᠦᠬᠡ ᠶᠢᠨ ᠭᠤᠣᠯ ᠤᠨ ᠰᠤᠶᠤᠯ︾᠎ ᠎ ᠤᠨ ᠬᠦᠮᠦᠰ ᠤᠨ ᠪᠦᠲᠦᠭᠡᠭᠰᠡᠨ ᠵᠢᠩᠨᠡᠵᠦ ᠪᠣᠯᠭᠤᠬᠤ ᠰᠠᠪᠠ ᠬᠡᠷᠡᠭᠰᠡᠯ ᠶᠤᠮ᠃ ᠡᠭᠦᠨ ᠢ ᠡᠭᠦᠳᠬᠦ ᠠᠴᠠ ᠡᠮᠦᠨ᠎ᠡ ᠬᠦᠮᠦᠰ ᠢᠷᠤᠭᠠᠷ ᠲᠤ ᠪᠠᠨ ᠨᠦᠬᠡ ᠰᠠᠷᠠᠯᠵᠢ ᠲᠠᠢ ᠭᠠᠳᠤᠷ᠎ᠠ ᠰᠢᠭ ᠰᠠᠪᠠ ᠶᠢ ᠲᠤᠯᠭ᠎ᠠ ᠲᠣᠭᠤᠭᠠᠨ ᠤ ᠳᠡᠭᠡᠷ᠎ᠡ ᠲᠠᠯᠪᠢᠭᠠᠳ ᠵᠢᠩᠨᠡᠳᠡᠭ ᠪᠠᠶᠢᠪᠠ᠂ ᠬᠤᠵᠢᠮ ᠬᠤᠶᠠᠷ ᠰᠠᠪᠠ ᠶᠢ ᠨᠡᠶᠢᠯᠡᠭᠦᠯᠵᠦ ᠪᠦᠲᠦᠭᠡᠭᠰᠡᠨ ᠢᠶᠠᠷ ᠪᠣᠯᠭᠤᠬᠤ ᠳᠤ ᠬᠤᠷᠳᠤᠨ᠂ ᠲᠦᠯᠡᠰᠢᠨ ᠳᠤ ᠭᠠᠮᠲᠠᠢ ᠪᠣᠯᠣᠭᠰᠠᠨ ᠪᠠᠶᠢᠨ᠎ᠠ᠃ ᠪᠠᠰᠠ ᠴᠤ ᠬᠡᠤᠬᠡᠳ ᠠᠪᠰᠠᠯᠠᠳᠠᠭ ᠸᠠᠭᠠᠷᠤᠨ ᠠᠪᠰᠠ ᠪᠣᠯᠭᠠᠳᠠᠭ ᠪᠠᠶᠢᠪᠠ᠃

Snipaste_2024-09-20_11-31-23.jpg

 

ᠢᠷᠡᠯᠲᠡ᠄ ᠣᠷᠳᠣᠰ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠬᠡᠯᠡᠨ ᠤ ᠰᠦᠯᠵᠢᠶ᠎ᠡ